ᠮᠣᠩᠭᠣᠯ ᠤᠯᠤᠰ ᠤᠨ ᠶᠡᠷᠦᠩᠬᠡᠢᠢᠯᠡᠭ᠍ᠴᠢ ᠶᠢᠨ ᠨᠡᠷᠡᠮᠵᠢᠲᠦ ᠂ ᠨᠢᠰᠬᠡᠭ᠍ᠴᠢ ᠦᠭᠡᠢ ᠨᠢᠰᠬᠦ ᠲᠥᠬᠦᠭᠡᠷᠦᠮᠵᠢ ᠵᠢᠯᠤᠭᠤᠳᠤᠯᠭ᠎ᠠ ᠶᠢᠨ ᠤᠯᠤᠰ ᠤᠨ ᠠᠪᠤᠷᠭᠤ ᠰᠢᠯᠭᠠᠷᠠᠭᠤᠯᠬᠤ ᠠᠩᠬᠠᠳᠤᠭᠠᠷ ᠲᠡᠮᠡᠴᠡᠭᠡᠨ《DRONECON 2025》ᠡᠨᠡ ᠰᠠᠷ᠎ᠠ ᠶᠢᠨ 25-26 ᠣ ᠡᠳᠦᠷ ᠤᠳ ᠲᠤ ᠪᠣᠯᠬᠤ ᠪᠡᠷ ᠲᠤᠪᠯᠠᠭᠳᠠᠭᠰᠠᠨ ᠪᠢᠯᠡ ᠃
ᠮᠡᠷᠭᠡᠵᠢᠯ ᠤᠨ ᠂ ᠰᠣᠨᠢᠷᠬᠠᠭ᠌ᠴᠢᠳ ᠤᠨ᠂ ᠲᠣᠭᠯᠠᠭᠠᠮ ᠤᠨ᠂ ᠥᠪᠡᠷ ᠢᠶᠠᠨ ᠤᠭᠰᠠᠷᠠᠬᠤ ᠭᠡᠰᠡᠨ ᠳᠥᠷᠪᠡᠨ ᠲᠥᠷᠥᠯ ᠢᠶᠡᠷ ᠶᠠᠪᠤᠭᠳᠠᠬᠤ ᠲᠤᠰ ᠲᠡᠮᠡᠴᠡᠭᠡᠨ 20 ᠮᠧᠲᠷ ᠦᠷᠭᠡᠠ ᠂ 25 ᠮᠧᠲᠷ ᠤᠷᠲᠤ ᠲᠠᠢ ᠂ ᠲᠠᠪᠤᠨ ᠮᠧᠲᠷ ᠦᠨ ᠦᠡᠳᠦᠷ ᠲᠠᠯᠠᠪᠠᠢ ᠳᠤ ᠶᠠᠪᠤᠭᠳᠠᠬᠤ ᠪᠥᠭᠡᠳ ᠣᠷᠤᠯᠴᠠᠭ᠌ᠴᠢ ᠲᠤᠰᠬᠠᠢᠯᠠᠨ ᠵᠠᠰᠠᠭᠰᠠᠨ ᠰᠠᠭᠠᠳ ᠳᠤᠮᠳᠠᠭᠤᠷ ᠥᠭ᠍ᠰᠥᠬᠦ ᠂ ᠤᠷᠤᠭᠤᠳᠠᠬᠤ ᠨᠢᠰᠦᠯᠭᠡ ᠦᠢᠯᠡᠳᠴᠦ ᠂ ᠲᠠᠯᠠᠪᠠᠢ ᠶᠢᠨ ᠳᠤᠮᠳᠠ ᠪᠠᠢᠷᠢᠯᠠᠬᠤ ᠣᠪᠶ᠋ᠸᠺᠲ ᠤᠨ 360 ᠭᠷᠡᠳᠦ᠋ᠰ ᠳᠦᠷᠰᠦ ᠪᠢᠴᠢᠯᠭᠡ ᠶᠢ ᠠᠪᠤᠭᠠᠳ ᠦᠷᠭᠦᠯᠵᠢᠯᠡᠭᠦᠯᠦᠨ ᠳ᠋ᠷᠤᠨ ᠢ ᠪᠠᠷᠢᠶᠠᠨ ᠳᠤ ᠪᠠᠭᠤᠯᠭᠠᠬᠤ ᠳᠠᠭᠠᠭᠠᠯᠭᠠᠪᠤᠷᠢ ᠶᠢ ᠭᠦᠢᠴᠡᠳᠬᠡᠨ᠎ᠡ ᠃