ᠠᠮᠧᠷᠢᠺᠠ ᠶᠢᠨ ᠺᠠᠯᠢᠹᠣᠷᠨᠢᠶ᠎ᠠ ᠮᠤᠵᠢ ᠶᠢᠨ《Santa Anita》ᠮᠤᠷᠢᠨ ᠲᠤᠭᠤᠷᠢᠭᠤᠯᠭ᠎ᠠ ᠳᠤ 12 ᠳ᠋ᠤᠭᠠᠷ ᠰᠠᠷ᠎ᠠ ᠶᠢᠨ 27 ᠳᠤ ᠪᠣᠯᠣᠭᠰᠠᠨ ᠤᠷᠤᠯᠳᠤᠭᠠᠨ ᠳᠤ ᠮᠣᠩᠭᠣᠯ ᠤᠯᠤᠰ ᠤᠨ ᠲᠤᠳᠦ ᠮᠡᠡᠭ᠍ᠯᠡᠢ ᠤᠶᠠᠭᠠᠴᠢ ᠣ· ᠪᠠᠲᠤᠪᠢᠯᠢᠭ᠌ ᠂ ᠠᠯᠳᠠᠷᠲᠤ ᠤᠶᠠᠭᠠᠴᠢ ᠡ᠊· ᠭᠠᠩᠪᠠᠲᠤ ᠨᠠᠷ ᠲᠤᠳᠦ ᠮᠡᠡᠭ᠍ᠯᠡᠢ ᠤᠶᠠᠭᠠᠴᠢ ᠳ· ᠭᠠᠩᠪᠠᠭᠠᠲᠤᠷ ᠤᠨ Mongolian Max ᠨᠡᠷ᠎ᠡ ᠲᠠᠢ ᠬᠦᠯᠦᠭ ᠢ ᠤᠶᠠᠵᠤ ᠲᠡᠷᠢᠭᠦᠯᠡᠭᠦᠯᠤᠯᠠ᠃
Mongolian Max ᠰᠢᠳᠦᠯᠡᠩ᠂ ᠬᠢᠵᠠᠭᠠᠯᠠᠩ᠂ ᠰᠣᠶᠤᠯᠠᠩ ᠨᠠᠰᠤᠨ ᠤ ᠠᠩᠭᠢᠯᠠᠯ ᠳᠤ 1600 ᠮᠧᠲᠷ ᠦᠨ ᠵᠠᠢ ᠳᠤ ᠤᠷᠤᠯᠳᠤᠭᠰᠠᠨ ᠪᠡᠢᠢᠨ᠎ᠡ ᠃ ᠡᠨᠡ ᠵᠢᠯ ᠤᠷᠤᠯᠳᠤᠵᠤ ᠡᠬᠢᠯᠡᠵᠦ ᠪᠤᠶ ᠬᠤᠷᠳᠦᠠ ᠬᠦᠯᠦᠭ ᠶᠢᠰᠤᠨ ᠲᠡᠮᠡᠴᠡᠭᠡᠨ ᠳᠤ ᠣᠷᠣᠯᠴᠠᠵᠤ ᠠᠩᠬᠠᠨ ᠤ ᠪᠠᠨ ᠲᠦᠷᠦᠭᠦᠦ ᠶᠢ ᠠᠪᠤᠭᠰᠠᠨ ᠨᠢ ᠡᠨᠡ ᠶᠤᠮ ᠃ ᠤᠭ ᠤᠷᠤᠯᠳᠤᠭᠠᠨ ᠤ ᠱᠠᠩᠨᠠᠯ ᠨᠢ 17960 ᠳ᠋ᠣᠯᠯᠠᠷ ᠪᠠᠢᠭᠰᠠᠨ ᠠᠵᠠᠢ᠃