ᠪᠠᠶᠠᠩᠬᠣᠩᠭᠣᠷ ᠠᠢᠮᠠᠭ ᠤᠨ ᠬᠢᠨ 《ᠦᠨᠳᠦᠰᠦᠨ ᠤ ᠪᠢᠴᠢᠭ ᠢᠶᠡᠨ ᠥᠪ ᠲᠡᠭ᠍ᠰᠢ ᠰᠤᠷᠤᠶ᠎ᠠ》ᠤᠷᠤᠯᠳᠤᠭᠠᠨ ᠢ ᠡᠨᠡ ᠣᠨ ᠤ 9-12 ᠳ᠋ᠤᠭᠠᠷ ᠰᠠᠷ᠎ᠠ ᠬᠦᠷᠲᠡᠯᠡᠬᠢ ᠬᠤᠭᠤᠴᠠᠭᠠᠨ ᠳᠤ ᠭᠤᠷᠪᠠᠨ ᠦᠶ᠎ᠡ ᠱᠠᠲᠤ ᠪᠡᠷ ᠵᠣᠬᠢᠶᠠᠨ ᠪᠠᠢᠭᠤᠯᠵᠤ᠂ ᠰᠢᠯᠢᠳᠡᠭ ᠦᠳ ᠢᠶᠡᠨ ᠰᠢᠯᠭᠠᠷᠠᠭᠤᠯᠵᠤ ᠱᠠᠩᠨᠠᠪᠠ ᠃ ᠠᠢᠮᠠᠭ ᠤᠨ ᠬᠡᠮᠵᠢᠶᠡᠨ ᠤ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠳᠣᠯᠣᠳᠤᠭᠠᠷ ᠠᠩᠭᠢ ᠨᠤᠭᠤᠳ ᠤᠨ ᠠᠩᠭᠢ ᠨᠡᠢᠢᠲᠡ ᠶᠢᠨ ᠳᠤᠮᠳᠠ ᠵᠣᠬᠢᠶᠠᠨ ᠪᠠᠢᠭᠤᠯᠳᠠᠭ ᠲᠤᠰ ᠤᠷᠤᠯᠳᠤᠭᠠᠨ ᠳᠤ 53 ᠠᠩᠭᠢ ᠪᠦᠯᠦᠭ ᠦᠨ 1450 ᠭᠠᠷᠦᠢ ᠰᠤᠷᠤᠯᠴᠠᠭ᠌ᠴᠢ ᠣᠷᠣᠯᠴᠠᠭᠰᠠᠨ ᠪᠡᠢᠢᠨ᠎ᠡ ᠃
ᠤᠷᠤᠯᠳᠤᠭᠠᠨ ᠤ ᠨᠢᠭᠡᠳᠦᠭᠡᠷ ᠱᠠᠲᠤ ᠬᠥᠷᠪᠡᠭᠦᠯᠦᠨ ᠪᠢᠴᠢᠬᠦ ᠴᠢᠳᠠᠪᠤᠷᠢ ᠶᠢ ᠰᠣᠷᠢᠭ᠌ᠰᠠᠨ ᠳᠠᠭᠠᠭᠠᠯᠭᠠᠪᠤᠷᠢ ᠶᠢ 53 ᠠᠩᠭᠢ ᠪᠦᠯᠦᠭ ᠭᠦᠢᠴᠡᠳᠬᠡᠵᠦ ᠂ 70 ᠰᠤᠷᠤᠭ᠌ᠴᠢ 100 ᠬᠤᠪᠢ ᠶᠢᠨ ᠭᠦᠢᠴᠡᠳᠬᠡᠯ ᠲᠠᠢ ᠪᠠᠢᠭᠰᠠᠨ ᠪᠣᠯ ᠬᠣᠶᠠᠳᠤᠭᠠᠷ ᠱᠠᠲᠤ ᠤᠩᠰᠢᠬᠤ ᠴᠢᠳᠠᠪᠤᠷᠢ ᠶᠢᠨ ᠤᠷᠤᠯᠳᠤᠭᠠᠨ ᠳᠤ ᠬᠤᠷᠳᠦᠠ ᠤᠩᠰᠢᠯᠭ᠎ᠠ ᠶᠢ 1 ᠮᠢᠨᠦ᠋ᠲ ᠦᠨ ᠬᠤᠭᠤᠴᠠᠭᠠᠨ ᠳᠤ ᠭᠦᠢᠴᠡᠳᠬᠡᠵᠦ ᠂ 180 ᠪᠤᠶᠤ ᠲᠡᠭᠦᠨ ᠠᠴᠠ ᠳᠡᠭᠡᠭ᠍ᠰᠢ ᠦᠭᠡ ᠤᠩᠰᠢᠭ᠌ᠰᠠᠨ ᠰᠤᠷᠤᠭ᠌ᠴᠢᠳ ᠢ ᠮᠠᠰᠢ ᠰᠠᠢᠨ ᠭᠡᠵᠦ ᠦᠨᠡᠯᠡᠵᠡᠢ ᠃ ᠬᠠᠷᠢᠨ ᠤᠷᠤᠯᠳᠤᠭᠠᠨ ᠤ ᠭᠤᠷᠪᠠᠳᠤᠭᠠᠷ ᠱᠠᠲᠤ ᠪᠤᠶᠤ ᠬᠢᠴᠢᠶᠡᠨᠭᠬᠦᠢ ᠰᠡᠢᠢᠬᠠᠠ ᠪᠢᠴᠢᠬᠦ ᠴᠢᠳᠠᠪᠤᠷᠢ ᠶᠢᠨ ᠤᠷᠤᠯᠳᠤᠭᠠᠨ ᠳᠤ 《 ᠮᠢᠨᠦ ᠨᠡᠭᠡᠭᠡᠭ᠍ᠰᠡᠨ ᠡᠬᠡ ᠣᠷᠣᠨ 》 ᠡᠬᠡ ᠶᠢ ᠬᠠᠩᠭᠠᠯᠲᠠ ᠲᠠᠢ ᠰᠠᠢᠨ ᠪᠢᠴᠢᠭ᠍ᠰᠡᠨ 32 ᠰᠤᠷᠤᠭ᠌ᠴᠢ ᠶᠢ 5 ᠤᠨᠤᠭ᠎ᠠ ᠪᠠᠷ ᠳ᠋ᠦᠩᠨᠡᠭ᠍ᠰᠡᠨ ᠪᠡᠢᠢᠨ᠎ᠡ ᠃
ᠰᠤᠷᠤᠭ᠌ᠴᠢᠳ ᠤᠨ ᠦᠨᠳᠦᠰᠦᠨ ᠤ ᠪᠢᠴᠢᠭ ᠢᠶᠡᠷ ᠵᠥᠪ ᠲᠤᠳᠦ ᠂ ᠠᠯᠳᠠᠭ᠎ᠠ ᠦᠭᠡᠶ ᠤᠩᠰᠢᠬᠤ ᠂ ᠬᠢᠴᠢᠶᠡᠨᠭᠬᠦᠢ ᠰᠡᠢᠢᠬᠠᠠ ᠪᠢᠴᠢᠬᠦ ᠂ ᠺᠢᠷᠢᠯᠯ ᠪᠢᠴᠢᠭ ᠡᠴᠡ ᠦᠨᠳᠦᠰᠦᠨ ᠤ ᠪᠢᠴᠢᠭ ᠲᠦ ᠬᠥᠷᠪᠡᠭᠦᠯᠦᠨ ᠪᠢᠴᠢᠬᠦ ᠴᠢᠳᠠᠪᠤᠷᠢ ᠶᠢ ᠳᠡᠭᠡᠭ᠍ᠰᠢᠯᠡᠭᠦᠯᠬᠦ ᠂ ᠠᠩᠭᠢ ᠬᠠᠮᠲᠤ ᠣᠯᠠᠨ ᠢᠶᠠᠷ ᠢᠶᠠᠨ ᠬᠠᠮᠲᠤ ᠳᠤ ᠪᠠᠨ ᠬᠥᠭ᠍ᠵᠢᠬᠦ ᠪᠣᠯᠣᠮᠵᠢ ᠨᠥᠬᠥᠴᠡᠯ ᠢ ᠪᠦᠷᠢᠳᠦᠭᠦᠯᠬᠦ ᠂ ᠦᠨᠳᠦᠰᠦᠨ ᠤ ᠪᠢᠴᠢᠭ ᠦᠰᠦᠭ ᠢᠶᠡᠷ ᠢᠶᠡᠨ ᠪᠠᠬᠠᠷᠬᠠᠬᠤ ᠂ ᠲᠡᠳᠡᠨ ᠤ ᠰᠤᠷᠬᠤ ᠠᠷᠭ᠎ᠠ ᠪᠠᠷᠢᠯ ᠂ ᠢᠳᠡᠪᠬᠢ ᠰᠣᠨᠢᠷᠬᠠᠯ ᠢ ᠳᠡᠮᠵᠢᠬᠦ ᠵᠣᠷᠢᠯᠭ᠎ᠠ ᠲᠠᠢ ᠲᠤᠰ ᠤᠷᠤᠯᠳᠤᠭᠠᠨ ᠢ ᠤᠯᠠᠮᠵᠢᠯᠠᠯ ᠪᠤᠯᠦᠠ ᠵᠤᠬᠢᠶᠡᠬᠤ ᠶᠤᠮ ᠃