ᠡᠨᠡ ᠵᠢᠯ ᠰᠫᠣᠷᠲ ᠤᠨ ᠣᠯᠠᠨ ᠤᠯᠤᠰ ᠂ ᠲᠢᠪ ᠂ ᠳᠡᠯᠡᠬᠡᠢ ᠶᠢᠨ ᠴᠢᠨᠠᠷᠲᠠᠢ ᠳᠣᠯᠤᠭᠠᠨ ᠲᠡᠮᠡᠴᠡᠭᠡᠨ ᠢ ᠡᠬᠡ ᠣᠷᠣᠨ ᠳᠤ ᠪᠠᠨ ᠵᠣᠬᠢᠶᠠᠨ ᠪᠠᠢᠭᠤᠯᠬᠤ ᠳᠤ ᠤᠯᠤᠰ ᠤᠨ ᠲᠥᠰᠥᠪ ᠡᠴᠡ 1.6 ᠲᠡᠷᠪᠤᠮ ᠲᠥᠭᠥᠷᠢᠭ ᠦᠨ ᠳᠡᠮᠵᠢᠯᠭᠡ ᠦᠵᠡᠭᠦᠯᠵᠡᠢ ᠃
ᠮᠥᠰᠥᠨ ᠤ ᠵᠢᠭᠠᠰᠤᠴᠢᠯᠠᠯ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠴᠢᠯᠦᠭᠡᠳᠦ ᠨᠢᠰᠬᠦ ᠵᠠᠭᠪᠤᠷ ᠤᠨ ᠠᠽᠢᠶ᠎ᠠ ᠨᠤᠮᠦᠬᠠᠠ ᠳᠠᠯᠠᠢ ᠶᠢᠨ ᠣᠷᠣᠨ ᠨᠤᠭᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠂ ᠰᠨᠦ᠋ᠺᠧᠷ ᠪᠢᠯᠶᠠᠷᠳ᠋ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠂ ᠣᠯᠠᠨ ᠤᠯᠤᠰ ᠤᠨ ᠬᠡᠦᠬᠡᠳ ᠤᠨ ᠰᠫᠣᠷᠲ ᠤᠨ ᠠᠷᠪᠠᠳᠤᠭᠠᠷ ᠨᠠᠭᠠᠳᠤᠮ ᠂《ᠭᠢᠮᠨᠠᠰᠲ ᠷᠠᠳᠠ – 2024》ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠪᠤᠳᠢᠪᠢᠯᠳᠢᠨ᠂ ᠹᠢᠲᠨᠡᠰ ᠦᠨ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠵᠣᠬᠢᠶᠠᠨ ᠪᠡᠢᠢᠭᠤᠯᠬᠤ ᠂ ᠺᠤᠷᠠᠱ ᠪᠥᠬᠡ ᠶᠢᠨ ᠥᠰᠪᠦᠷᠢ ᠦᠶ᠎ᠡ ᠂ ᠵᠠᠯᠠᠭᠤᠴᠤᠳ ᠂ ᠠᠬᠠᠮᠠᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠣᠭᠰᠠᠨ ᠪᠢᠯᠡ ᠃
ᠡᠳᠡᠭᠡᠷ ᠲᠡᠮᠡᠴᠡᠭᠡᠨ ᠳᠤ ᠳᠠᠪᠬᠤᠷᠳᠠᠭᠰᠠᠨ ᠲᠣᠭ᠎ᠠ ᠪᠡᠷ 108 ᠣᠷᠣᠨ ᠤ 1432 ᠲᠠᠮᠢᠷᠴᠢᠨ ᠂ 121 ᠳᠠᠰᠬᠠᠯᠵᠢᠭᠤᠯᠤᠭ᠌ᠴᠢ ᠂ 128 ᠰᠢᠭᠦᠭ᠍ᠴᠢ ᠂ 167 ᠠᠯᠪᠠᠨ ᠤ ᠬᠥᠮᠦᠨ ᠂ 968 ᠬᠥᠭ᠍ᠵᠢᠶᠡᠨ ᠳᠡᠮᠵᠢᠭ᠍ᠴᠢᠳ ᠬᠠᠮᠤᠷᠤᠭᠳᠠᠵᠠᠢ ᠃ ᠡᠭᠦᠨ ᠦ ᠤᠯᠠᠮ ᠠᠴᠠ ᠭᠠᠯᠲᠤ ᠲᠡᠷᠭᠡ ᠪᠤᠯᠦᠠ ᠠᠭᠠᠷ ᠤᠨ ᠠᠶᠠᠯᠠᠯ ᠤᠨ ᠺᠣᠮᠫᠠᠨᠢ ᠳᠤ 4 ᠲᠡᠷᠪᠤᠮ᠂ ᠵᠣᠴᠢᠳ ᠪᠠᠭᠤᠳᠠᠯ ᠳᠤ 1.2 ᠲᠡᠷᠪᠤᠮ᠂ ᠬᠤᠳᠠᠯᠳᠤᠭ᠎ᠠ᠂ ᠦᠢᠯᠡᠴᠢᠯᠡᠭᠡ ᠲᠡᠭᠡᠭᠡᠪᠤᠷᠢᠯᠡᠯᠲᠡ ᠳᠤ 582 ᠰᠠᠶ᠎ᠠ ᠲᠥᠭᠥᠷᠢᠭ ᠨᠡᠢᠢᠲᠡ 5.6 ᠲᠡᠷᠪᠤᠮ ᠲᠥᠭᠥᠷᠢᠭ ᠦᠨ ᠡᠳ᠋ ᠦᠨ ᠵᠠᠰᠠᠭ ᠤᠨ ᠣᠷᠣᠯᠭ᠎ᠠ ᠣᠷᠣᠵᠠᠢ ᠃