ᠠᠮᠧᠷᠢᠺᠠ ᠶᠢᠨ ᠴᠠᠭᠠᠴᠢᠳ ᠤᠨ ᠲᠤᠬᠠᠶ ᠰᠲ᠋ᠠᠲ᠋ᠢᠰᠲ᠋ᠢᠺ ᠮᠡᠳᠡᠭᠡᠯᠡᠯ ᠡᠴᠡ ᠬᠠᠷᠠᠬᠤ ᠳᠤ ᠂ ᠲᠤᠰ ᠤᠯᠤᠰ ᠲᠤ ᠠᠮᠢᠳᠤᠷᠠᠵᠤ ᠪᠤᠶ ᠮᠣᠩᠭᠣᠯ ᠴᠠᠭᠠᠴᠢᠳ ᠤᠨ 28 ᠬᠤᠪᠢ ᠨᠢ ᠶᠠᠳᠠᠭᠤᠷᠠᠯ ᠤᠨ ᠲᠦᠪᠰᠢᠨ ᠡᠴᠡ ᠳᠤᠭᠤᠤᠷ ᠠᠮᠢᠵᠢᠷᠠᠭᠠᠲᠠᠢ ᠪᠠᠢᠭ᠎ᠠ ᠠᠵᠠᠢ ᠃
ᠪᠠᠩᠭᠤᠷ ᠤᠨ ᠶᠡᠭᠡ ᠰᠤᠷᠭᠠᠭᠤᠯᠢ ᠶᠢᠨ ᠠᠬᠠᠯᠠᠬᠤ ᠪᠠᠭ᠌ᠰᠢ ᠂ ᠡᠳ᠋ ᠦᠨ ᠵᠠᠰᠠᠭ᠌ᠴᠢ ᠪ ∙ ᠡᠷᠳᠡᠨᠢᠪᠠᠲᠤ ᠡᠨᠡ ᠲᠠᠯ᠎ᠠ ᠪᠠᠷ᠄《 ᠠᠮᠸᠷᠢᠺᠡ ᠤᠷᠤᠭᠤ ᠴᠠᠭᠠᠴᠢᠯᠠᠭᠰᠠᠨ ᠮᠣᠩᠭᠣᠯᠴᠤᠳ ᠤᠨ ᠮᠠᠨᠢ 75 ᠬᠤᠪᠢ ᠪᠠᠺᠠᠯᠠᠸ᠋ᠷ ᠪᠤᠯᠦᠠ ᠲᠡᠭᠦᠨ ᠠᠴᠠ ᠳᠡᠭᠡᠭ᠍ᠰᠢ ᠪᠣᠯᠪᠠᠰᠤᠷᠠᠯ ᠲᠠᠢ ᠭᠡᠵᠦ ᠪᠦᠷᠢᠳᠭᠡᠭᠦᠯᠵᠡᠢ》 ᠭᠡᠪᠡ ᠃ ᠡᠨᠡ ᠨᠢ ᠮᠣᠩᠭᠣᠯ ᠤᠨ ᠲᠡᠭᠡᠳᠦ ᠪᠣᠯᠪᠠᠰᠤᠷᠠᠯ ᠳᠡᠯᠡᠬᠡᠢ ᠶᠢᠨ ᠵᠢᠱᠢᠭ ᠂ ᠣᠯᠠᠨ ᠤᠯᠤᠰ ᠤᠨ ᠰᠲ᠋ᠠᠨᠳᠠᠷᠲ ᠠᠴᠠ ᠬᠡᠲᠦ ᠬᠣᠴᠤᠷᠤᠭᠳᠠᠭᠰᠠᠨ ᠤ᠂ ᠮᠤᠢ᠍ᠠ ᠮᠡᠷᠭᠡᠵᠢᠯ ᠤᠨ ᠰᠤᠷᠭᠠᠯᠲᠠ ᠂ ᠤᠷ᠎ᠠ ᠴᠢᠳᠠᠪᠤᠷᠢ ᠳ᠋ᠤ ᠢᠯᠡᠬᠦᠦ ᠠᠨᠭ᠍ᠬᠠᠷᠬᠤ ᠶᠣᠰᠣᠲᠠᠢ ᠶᠢᠨ ᠳᠣᠬᠢᠶ᠎ᠠ ᠪᠠᠢᠵᠤ ᠪᠣᠯᠤᠨ᠎ᠠ ᠃ ᠪᠣᠯᠪᠠᠰᠤᠷᠠᠯ ᠢ ᠳ᠋ᠢᠫᠯᠣᠮ ᠢᠶᠠᠷ ᠬᠡᠮᠵᠢᠬᠦ ᠮᠡᠳᠡᠭᠡᠵᠢ ᠠᠰᠠᠭᠤᠳᠠᠯ ᠲᠠᠢ ᠃ ᠲᠡᠭᠦᠨ ᠢ ᠪᠡᠨ ᠠᠰᠢᠭ᠌ᠯᠠᠭᠠᠳ ᠠᠮᠵᠢᠷᠠᠭ᠎ᠠ ᠪᠠᠨ ᠵᠠᠯᠭᠠᠭᠤᠯᠵᠤ ᠴᠢᠳᠠᠵᠤ ᠪᠠᠢᠭ᠎ᠠ ᠡᠰᠡᠬᠦ ᠨᠢ ᠢᠯᠡᠬᠦᠦ ᠳᠡᠭᠡᠷ᠎ᠡ ᠬᠡᠮᠵᠢᠭᠦᠷ ᠃
ᠨᠡᠢᠢᠲᠡ ᠠᠮᠧᠷᠢᠺᠠᠴᠤᠳ ᠤᠨ 13 ᠬᠤᠪᠢ ᠶᠠᠳᠠᠭᠤᠷᠠᠯ ᠤᠨ ᠲᠦᠪᠰᠢᠨ ᠡᠴᠡ ᠳᠣᠭᠣᠭ᠌ᠰᠢ ᠠᠮᠢᠵᠢᠷᠠᠭᠠᠲᠠᠢ ᠪᠠᠢᠢᠬᠤ ᠳᠤ ᠠᠽᠢᠶ᠎ᠠ ᠠᠴᠠ ᠣᠴᠢᠭ᠌ᠰᠠᠨ ᠴᠠᠭᠠᠴᠢᠳ ᠤᠨ ᠬᠤᠪᠢ ᠨᠢ ᠲᠡᠭᠦᠨ ᠠᠴᠠ ᠪᠡᠭ᠎ᠠ ᠂ 11 % ᠪᠠᠢᠳᠠᠭ ᠃ ᠭᠡᠲᠡᠯ᠎ᠡ ᠮᠣᠩᠭᠣᠯ ᠴᠠᠭᠠᠴᠢᠳ ᠤᠨ 28 % ᠨᠢ ᠤᠭ ᠲᠦᠪᠰᠢᠨ ᠡᠴᠡ ᠳᠤᠭᠤᠤᠷ ᠠᠮᠢᠵᠢᠷᠠᠭᠠᠲᠠᠢ ᠪᠠᠢᠭ᠎ᠠ ᠶᠤᠮ ᠪᠠᠢᠨ᠎ᠠ᠃