ᠮᠣᠩᠭᠣᠯ ᠤᠨ ᠢᠷᠭᠡᠳ ᠣᠯᠠᠨ ᠢᠶᠠᠷ ᠰᠠᠭᠤᠷᠢᠰᠢᠨ ᠰᠤᠷᠴᠤ ᠂ ᠠᠵᠢᠯᠯᠠᠵᠤ ᠪᠤᠶ ᠣᠷᠣᠨ ᠨᠤᠭᠤᠳ ᠤᠨ ᠨᠢᠭᠡ ᠪᠣᠯ ᠶᠠᠫᠤᠨ ᠪᠢᠯᠡ ᠃ ᠡᠨᠡ ᠣᠨ ᠤ ᠵᠢᠷᠭᠤᠳᠤᠭᠠᠷ ᠰᠠᠷ᠎ᠠ ᠶᠢᠨ 30 ᠣ ᠪᠠᠢᠳᠠᠯ ᠢᠶᠠᠷ ᠲᠤᠰ ᠤᠯᠤᠰ ᠲᠤ ᠮᠣᠩᠭᠣᠯ ᠤᠨ 20416 ᠢᠷᠭᠡᠠ ᠠᠯᠪᠠᠨ ᠶᠣᠰᠤᠭᠠᠷ ᠣᠷᠣᠰᠢᠨ ᠰᠠᠭᠤᠵᠤ ᠪᠡᠢᠢᠨ᠎ᠡ ᠃ ᠲᠡᠳᠡᠨ ᠤ 10148︵49.7︶ ᠨᠢ ᠡᠷᠡᠭ᠍ᠲᠡᠢ ᠂ 10268︵50.3︶ᠨᠢ ᠡᠮᠡᠭ᠍ᠳᠡᠢ ᠠᠵᠠᠢ ᠃
ᠶᠠᠫᠤᠨ ᠳᠤ ᠰᠠᠭᠤᠭ᠎ᠠ ᠮᠣᠩᠭᠣᠯ ᠤᠨ ᠡᠯᠴᠢᠨ ᠰᠠᠢᠳ ᠤᠨ ᠶᠠᠮᠤᠨ ᠠᠴᠠ ᠭᠠᠷᠭᠠᠭᠰᠠᠨ ᠸᠢᠰᠠ ᠶᠢᠨ ᠲᠥᠷᠥᠯ ᠢᠶᠡᠷ ᠨᠢ ᠳᠡᠯᠭᠡᠷᠡᠭᠦᠯᠦᠭ᠍ᠰᠡᠨ ᠰᠤᠳᠤᠯᠭ᠎ᠠ ᠶᠢ ᠦᠵᠡᠪᠡᠯ ᠂ ᠶᠡᠭᠡ ᠰᠤᠷᠭᠠᠭᠤᠯᠢ ᠶᠢᠨ ᠪᠠᠭ᠌ᠰᠢ 50 ᠂ ᠢᠨᠵᠧᠨᠧᠷ 83 ᠂ ᠣᠯᠠᠨ ᠤᠯᠤᠰ ᠤᠨ ᠬᠠᠷᠢᠯᠴᠠᠭᠠᠨ ᠤ ᠠᠵᠢᠯᠲᠠᠨ 3898 ᠂ ᠠᠰᠠᠷᠠᠭᠠᠨ ᠤ 93 ᠂ ᠰᠤᠶᠦᠯ ᠤᠷᠠᠯᠢᠭ ᠤᠨ 22 ᠂ ᠱᠠᠰᠢᠨ ᠤ ᠳᠥᠷᠪᠡ ᠂ ᠤᠷᠠᠯᠢᠭ ᠤᠨ ᠨᠠᠢ᠍ᠮᠠ ᠂ ᠲᠤᠰᠬᠠᠶ ᠤᠷ᠎ᠠ ᠴᠢᠳᠠᠪᠤᠷᠢ ᠶᠢᠨ 1104 ᠂ ᠳᠠᠳᠤᠯᠭᠠᠵᠢᠭ᠌ᠴᠢ ᠠᠵᠢᠯᠲᠠᠨ 2671 ᠪᠡᠢᠢᠨ᠎ᠡ ᠃ ᠰᠣᠨᠢᠷᠬᠠᠭᠤᠯᠬᠤ ᠳᠤ ᠂ 2004 ᠣᠨ ᠳᠤ ᠮᠣᠩᠭᠣᠯ ᠤᠨ 3456 ᠢᠷᠭᠡᠠ ᠶᠠᠫᠤᠨ ᠳᠤ ᠪᠠᠢᠭᠰᠠᠨ ᠪᠣᠯ 20 ᠵᠢᠯ ᠦᠨ ᠬᠤᠭᠤᠴᠠᠭᠠᠨ ᠳᠤ 5.9 ᠳᠠᠬᠢᠨ ᠨᠡᠮᠡᠭ᠍ᠳᠡᠵᠡᠢ ᠃