ᠰᠡᠳᠬᠢᠴᠡ ᠶᠢᠨ ᠡᠷᠡᠭᠦᠯ ᠮᠡᠨᠳᠦ ᠶᠢᠨ ᠮᠡᠳᠡᠭᠡᠯᠡᠯ ᠦᠨ 1800-2000 ᠳ᠋ᠤᠭᠠᠷ ᠤᠨ ᠤᠲᠠᠰᠤᠨ ᠳᠤ ᠢᠷᠡᠭ᠍ᠰᠡᠨ ᠳᠠᠭᠤᠳᠠᠯᠭ᠎ᠠ ᠳᠤ ᠬᠢᠭ᠍ᠰᠡᠨ ᠳ᠋ᠦᠩ ᠰᠢᠨᠵᠢᠯᠡᠭᠡ ᠪᠡᠷ ᠂ ᠰᠡᠭᠦᠯ ᠦᠨ ᠲᠠᠪᠤᠨ ᠵᠢᠯ ᠦᠨ ᠬᠤᠭᠤᠴᠠᠭᠠᠨ ᠳᠤ ᠢᠷᠡᠭ᠍ᠰᠡᠨ ᠨᠡᠢᠢᠲᠡ ᠳᠠᠭᠤᠳᠠᠯᠭ᠎ᠠ ᠶᠢᠨ 82.5-92.3 ᠬᠤᠪᠢ ᠶᠢ ᠨᠠᠰᠤᠨ ᠳᠤ ᠬᠦᠷᠦᠭᠰᠡᠳ ᠦᠨ ᠳᠠᠭᠤᠳᠠᠯᠭ᠎ᠠ ᠡᠵᠡᠯᠡᠵᠡᠢ᠃ ᠲᠡᠳᠡᠭᠡᠷ ᠳᠠᠭᠤᠳᠠᠯᠭ᠎ᠠ ᠶᠢᠨ ᠳᠡᠢᠯᠦᠩᠬᠢ ᠬᠡᠰᠡᠭ ᠢ ᠠᠷᠢᠬᠢᠨ ᠤ ᠰᠢᠯᠲᠠᠭᠠᠨᠲᠤ ᠰᠡᠳᠬᠢᠴᠡ ᠶᠢᠨ ᠠᠰᠠᠭᠤᠳᠠᠯ ᠂ ᠨᠤᠢᠷ ᠤᠨ ᠥᠭᠡᠷᠡᠴᠢᠯᠡᠯᠲᠡ ᠂ ᠭᠡᠷ ᠪᠦᠯᠢ ᠶᠢᠨ ᠠᠰᠠᠭᠤᠳᠠᠯ ᠂ ᠰᠡᠦᠡᠬᠢᠯ ᠭᠤᠲᠤᠷᠠᠯ ᠂ ᠰᠡᠦᠡᠬᠢᠯ ᠲᠦᠭ᠍ᠰᠢᠯᠲᠡ ᠲᠠᠢ ᠬᠣᠯᠪᠣᠭ᠎ᠠ ᠲᠠᠢ ᠳᠠᠭᠤᠳᠠᠯᠭ᠎ᠠ ᠨᠤᠭᠤᠳ ᠡᠵᠡᠯᠡᠭ᠍ᠰᠡᠨ ᠪᠡᠢᠢᠨ᠎ᠡ ᠃
20-39 ᠨᠠᠰᠤᠨ ᠤ ᠵᠠᠯᠠᠭᠤᠰ ᠤᠨ ᠳᠤᠮᠳᠠ ᠰᠡᠦᠡᠬᠢᠯ ᠲᠦᠭ᠍ᠰᠢᠯᠲᠡ ᠢᠯᠡᠬᠦᠦ ᠪᠠᠢᠳᠠᠭ ᠪᠣᠯ 20-29 ᠨᠠᠰᠤᠨ ᠤ ᠬᠢᠨ ᠰᠡᠦᠡᠬᠢᠯ ᠭᠤᠲᠤᠷᠠᠯ ᠳᠤ ᠢᠯᠡᠬᠦᠦ ᠠᠪᠲᠠᠵᠤ ᠪᠡᠢᠢᠨ᠎ᠡ᠃ ᠮᠤᠢ᠍ᠠ ᠡᠷᠡᠴᠦᠳ ᠲᠤ ᠳᠤᠮᠳᠠ ᠵᠡᠷᠭᠡ ᠶᠢᠨ ᠰᠡᠦᠡᠬᠢᠯ ᠭᠤᠲᠤᠷᠠᠯ ᠢᠯᠡᠬᠦᠦ ᠢᠯᠡᠷᠡᠳᠡᠭ ᠪᠣᠯ ᠡᠮᠡᠭ᠍ᠲᠡᠢᠴᠦᠳ ᠲᠤ ᠬᠦᠨᠳᠦᠪᠲᠦᠷ ᠰᠡᠦᠡᠬᠢᠯ ᠭᠤᠲᠤᠷᠠᠯ ᠢᠯᠡᠷᠡᠵᠦ ᠪᠠᠢᠵᠠᠢ᠃ ᠮᠤᠢ᠍ᠠ ᠠᠮᠢ ᠪᠠᠨ ᠬᠣᠣᠷᠯᠠᠯᠲᠠ ᠶᠢᠨ ᠠᠰᠠᠭᠤᠳᠠᠯ ᠡᠨᠡ ᠨᠠᠰᠤᠨ ᠤ ᠬᠢᠨ ᠦ ᠰᠡᠳᠬᠢᠯ ᠵᠦᠢ ᠶᠢᠨ ᠲᠤᠯᠭᠠᠮᠳᠠᠭᠰᠠᠨ ᠠᠰᠠᠭᠤᠳᠠᠯ ᠤᠳ ᠤᠨ ᠨᠢᠭᠡ ᠪᠣᠯᠣᠭᠰᠠᠨ ᠪᠡᠢᠢᠨ᠎ᠡ ᠃