ᠺᠠᠨᠠᠳᠠ ᠤᠯᠤᠰ ᠤᠨ ᠺᠸᠧᠪᠧᠺ ᠪᠥᠵᠢᠭ ᠦᠨ ᠺᠣᠨ᠋ᠰᠸᠷᠸᠠᠲ᠋ᠣᠷ ᠢ 2015 ᠣᠨ ᠳᠤ ᠳᠦᠭᠦᠷᠭᠡᠭ᠍ᠰᠡᠨ᠂ ᠮᠡᠷᠭᠡᠵᠢᠯ ᠤᠨ ᠪᠦᠵᠢᠭ᠍ᠴᠢᠨ ᠭ· ᠮᠢᠰᠢᠶᠡᠯ ᠥᠨᠥᠳᠥᠷ ᠤᠯᠤᠰ ᠤᠨ ᠳᠠᠭᠤᠷᠢ ᠪᠥᠵᠢᠭ ᠦᠨ ᠡᠷᠳᠡᠮ ᠤᠨ ᠲᠢᠶᠠᠲᠷ ᠲᠤ ᠲᠣᠭᠯᠠᠯᠲᠠ ᠬᠢᠬᠦ ᠭᠡᠵᠦ ᠪᠡᠢᠢᠨ᠎ᠡ᠃ ᠲᠡᠷᠡ ᠪᠡᠷ ᠮᠣᠩᠭᠣᠯ ᠬᠥᠮᠥᠨ ᠤ ᠠᠬᠤᠶ ᠠᠮᠢᠳᠤᠷᠠᠯ ᠤᠨ ᠬᠡᠪ ᠮᠠᠶ᠋ᠢᠭ ᠢ ᠺᠤᠨᠲ᠋ᠧᠮᠫᠤᠷᠠᠷᠢ ᠪᠥᠵᠢᠭ ᠦᠨ ᠬᠥᠳᠡᠯᠭᠡᠭᠡᠨ ᠢᠶᠡᠷ ᠢᠯᠡᠷᠬᠡᠢᠯᠡᠵᠦ᠂ ᠳᠢᠭ᠍ᠯᠡᠭ᠍ᠰᠡᠨ《ᠮᠣᠩᠭᠣᠯ ᠤᠨ ᠨᠢᠭᠡ ᠡᠳᠦᠷ》ᠨᠡᠷ᠎ᠡ ᠲᠠᠢ ᠲᠣᠭᠯᠠᠯᠲᠠ ᠪᠠᠨ ᠠᠷᠠᠳ ᠤᠨ ᠪᠦᠵᠢᠭᠴᠢᠳ ᠢᠶᠡᠷ ᠪᠦᠷᠢᠳᠦᠭᠦᠯᠦᠭ᠍ᠰᠡᠨ ᠪᠠᠭ ᠦᠨ ᠬᠢᠨ ᠲᠠᠢ ᠪᠠᠨ ᠬᠠᠮᠲᠤᠷᠠᠨ ᠲᠣᠯᠢᠯᠠᠭᠤᠯᠬᠤ ᠶᠤᠮ ᠃
ᠲᠡᠷᠡ ᠡᠨᠡ ᠪᠦᠲᠦᠭᠡᠯ ᠢᠶᠡᠨ 2022 ᠣᠨ ᠳᠤ ᠲᠤᠭᠤᠷᠪᠢᠭ᠌ᠰᠠᠨ ᠪᠥᠭᠡᠳ ᠺᠠᠨᠠᠳᠠ ᠶᠢᠨ ᠵᠠᠰᠠᠭ ᠤᠨ ᠭᠠᠵᠠᠷ ᠤᠨ ᠦᠨᠳᠦᠰᠦᠨ ᠤ ᠤᠷᠠᠯᠢᠭ ᠤᠨ ᠰᠠᠩ ᠤᠨ ᠲᠡᠳᠬᠦᠯᠭᠡ ᠳᠦ ᠲᠡᠩᠴᠡᠨ ᠰᠠᠩᠬᠦᠦᠵᠢᠯᠲᠡ ᠠᠪᠴᠤ ᠴᠢᠳᠠᠵᠠᠢ᠃ ᠭ· ᠮᠢᠰᠢᠶᠡᠯ ᠺᠤᠨᠲ᠋ᠧᠮᠫᠤᠷᠠᠷᠢ ᠤᠷᠠᠨ ᠪᠦᠲᠦᠭᠡᠯ ᠲᠤᠭᠤᠷᠪᠢᠵᠤ ᠪᠤᠶ ᠮᠡᠷᠭᠡᠵᠢᠯ ᠤᠨ ᠪᠦᠵᠢᠭ ᠳᠢᠭ᠍ᠯᠡᠭᠡᠴᠢ᠂ ᠹᠤᠲ᠋ᠤ᠋ ᠮᠤᠳ᠋ᠸᠯ ᠢᠶᠠᠷ ᠳᠠᠪᠬᠤᠷ ᠠᠵᠢᠯᠯᠠᠳᠠᠭ ᠃