ᠨᠡᠢᠢᠭᠡᠮ ᠤᠨ ᠳᠠᠭᠠᠳᠬᠠᠯ ᠤᠨ ᠰᠠᠩ ᠠᠴᠠ ᠡᠨᠡ ᠣᠨ ᠤ ᠠᠷᠪᠠᠨ ᠨᠢᠭᠡᠳᠦᠭᠡᠷ ᠰᠠᠷ᠎ᠠ ᠶᠢᠨ ᠪᠠᠢᠳᠠᠯ ᠢᠶᠠᠷ 28433 ᠳᠠᠭᠠᠳᠬᠠᠭᠤᠯᠤᠭᠴᠢ ᠳᠤ 129 ᠲᠡᠷᠪᠤᠮ ᠲᠥᠭᠥᠷᠢᠭ ᠦᠨ ᠠᠵᠢᠯ ᠦᠭᠡᠢᠳᠡᠯ ᠦᠨ ᠲᠡᠳᠬᠦᠮᠵᠢ ᠣᠯᠭᠣᠵᠠᠢ᠃ ᠡᠨᠡ ᠣᠨ ᠳᠤ ᠳᠥᠷᠪᠡᠨ ᠰᠠᠩ ᠠᠴᠠ ᠨᠡᠢᠲᠡ ᠳ᠋ᠡᠭᠡᠨ 5.2 ᠶᠡᠭᠡ ᠨᠠᠶᠤᠳ ᠲᠥᠭᠥᠷᠢᠭ ᠦᠨ ᠵᠠᠷᠤᠳᠠᠯ ᠢ ᠳᠠᠭᠠᠳᠬᠠᠭᠤᠯᠤᠭ᠌ᠴᠢ ᠢᠷᠭᠡᠳ ᠲᠤ ᠣᠯᠭᠣᠬᠤ ᠪᠡᠷ ᠲᠤᠰᠬᠠᠭᠳᠠᠭᠰᠠᠨ ᠤ ᠨᠢᠭᠡ ᠨᠢ ᠠᠵᠢᠯ ᠦᠭᠡᠢᠳᠡᠯ ᠦᠨ ᠳᠠᠭᠠᠳᠬᠠᠯ ᠤᠨ ᠰᠠᠩ ᠠᠴᠠ ᠣᠯᠭᠤᠬᠤ ᠲᠡᠳᠬᠦᠮᠵᠢ ᠶᠤᠮ ᠃
ᠠᠵᠢᠯ ᠦᠭᠡᠢᠳᠡᠯ ᠦᠨ ᠲᠡᠳᠬᠦᠮᠵᠢ ᠶᠢ 76 ᠬᠣᠨᠣᠭ ᠲᠤ ᠬᠤᠪᠢᠶᠠᠨ ᠣᠯᠭᠣᠳᠠᠭ᠃ ᠣᠳᠤ ᠪᠠᠷ ᠨᠡᠢᠢᠭᠡᠮ ᠤᠨ ᠳᠠᠭᠠᠳᠬᠠᠯ ᠤᠨ ᠪᠠᠢᠭᠤᠯᠤᠯᠭ᠎ᠠ ᠨᠢ 2024 ᠣᠨ ᠤ ᠠᠷᠪᠠᠳᠤᠭᠠᠷ ᠰᠠᠷ᠎ᠠ ᠬᠦᠷᠲᠡᠯᠡᠬᠢ ᠬᠤᠭᠤᠴᠠᠭᠠᠨ ᠤ ᠲᠡᠳᠬᠦᠮᠵᠢ ᠶᠢ ᠪᠦᠷᠢᠠ ᠣᠯᠭᠣᠭᠠᠳ ᠪᠡᠢᠢᠨ᠎ᠡ ᠃