ᠪᠤᠯᠠᠭᠠᠨ ᠠᠢᠮᠠᠭ ᠤᠨ ᠪᠤᠯᠠᠭᠠᠨ ᠰᠤᠮᠤ ᠶᠢᠨ ᠬᠢᠨ《ᠥᠷᠯᠥᠭᠡᠨ ᠤ ᠤᠩᠰᠢᠯᠭ᠎ᠠ》ᠵᠢᠯ ᠦᠨ ᠠᠶᠠᠨ ᠢ ᠨᠠᠰᠤᠨ ᠳᠤ ᠬᠦᠷᠦᠭᠰᠡᠳ ᠢ ᠨᠣᠮ ᠲᠠᠢ ᠨᠥᠬᠥᠷᠯᠡᠭᠦᠯᠬᠦ ᠂ ᠨᠣᠮ ᠤᠩᠰᠢᠬᠤ ᠳᠠᠳᠤᠯ ᠬᠡᠪᠰᠢᠯ ᠢ ᠨᠡᠮᠡᠭ᠍ᠳᠡᠭᠦᠯᠬᠦ᠂ ᠠᠯᠪᠠᠨ ᠪᠠᠢᠭᠤᠯᠤᠯᠭ᠎ᠠ ᠨᠤᠭᠤᠳ ᠲᠤ ᠵᠥᠭᠡᠭᠡᠪᠦᠷᠢ ᠶ᠋ᠢᠨ ᠨᠣᠮ ᠤᠨ ᠰᠠᠩ ᠤᠨ ᠦᠢᠯᠡᠴᠢᠯᠡᠭᠡ ᠶᠢ ᠬᠦᠷᠭᠡᠬᠦ ᠵᠣᠷᠢᠯᠭ᠎ᠠ ᠪᠠᠷ ᠡᠬᠢᠯᠡᠭᠦᠯᠦᠭ᠍ᠰᠡᠨ᠃ ᠲᠤᠰ ᠠᠶᠠᠨ ᠳᠤ ᠠᠦ᠋ᠲ᠋ᠣ᠋ ᠲᠡᠭᠡᠭᠡᠪᠦᠷᠢ᠂ ᠲᠠᠩᠨᠠᠭᠤᠯ ᠤᠨ ᠭᠠᠵᠠᠷ ᠂ ᠪᠠᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠭᠠᠵᠠᠷ ᠂ ᠡᠷᠡᠭᠦᠯ ᠮᠡᠨᠳᠦ ᠶᠢᠨ ᠭᠠᠵᠠᠷ 15 ᠪᠠᠢᠭᠤᠯᠤᠯᠭ᠎ᠠ ᠶᠢᠨ 142 ᠤᠩᠰᠢᠭ᠌ᠴᠢ ᠳᠦ 579 ᠨᠣᠮ ᠢ ᠵᠥᠭᠡᠭᠡᠪᠦᠷᠢ ᠪᠡᠷ ᠣᠯᠭᠣᠵᠤ ᠦᠢᠯᠡᠴᠢᠯᠡᠭ᠍ᠰᠡᠨ ᠪᠡᠢᠢᠨ᠎ᠡ ᠃
ᠮᠤᠢ᠍ᠠ《ᠤᠩᠰᠢᠭ᠌ᠴᠢ ᠭᠡᠷ ᠪᠦᠯᠢ》ᠠᠶᠠᠨ ᠢ 2024 ᠣᠨ ᠳᠤ ᠠᠩᠬ᠎ᠠ ᠤᠳᠠᠭ᠎ᠠ ᠵᠣᠬᠢᠶᠠᠨ ᠪᠠᠢᠭᠤᠯᠵᠤ᠂ 15 ᠭᠡᠷ ᠪᠦᠯᠢ ᠶᠢᠨ 45 ᠤᠩᠰᠢᠭ᠌ᠴᠢ 28 ᠤᠳᠠᠭ᠎ᠠ ᠭᠡᠷ ᠪᠦᠯᠢ ᠶᠢᠨ ᠤᠩᠰᠢᠯᠭ᠎ᠠ ᠳᠤ ᠬᠠᠮᠤᠷᠤᠭᠳᠠᠭᠰᠠᠨ ᠪᠡᠢᠢᠨ᠎ᠡ ᠃