ᠳᠡᠯᠡᠬᠡᠢ ᠶᠢᠨ ᠰᠣᠶᠤᠯ ᠤᠨ ᠥᠪ ᠦᠨ ᠵᠢᠭ᠌ᠰᠠᠭᠠᠯᠲᠠ ᠳᠤ ᠾᠦᠩᠨᠦ ᠶᠢᠨ ᠢᠵᠠᠭᠤᠷᠲᠠᠨ ᠤ ᠤᠷᠤᠰᠢᠭᠤᠯᠭ᠎ᠠ ᠶᠢᠨ ᠴᠣᠭᠴᠠᠯᠠᠪᠤᠷᠢ ᠳᠤᠷᠠᠰᠬᠠᠯ ᠤᠳ ᠠᠴᠠ ᠪᠦᠷᠢᠳᠬᠡᠭᠦᠯᠬᠦ ᠪᠡᠷ ᠭᠤᠷᠪᠠᠳ᠋ᠡᠬᠢ ᠬᠡᠯᠡᠯᠴᠡᠭᠦᠯᠭᠡ ᠶᠢ ᠠᠵᠢᠯ ᠤᠨ ᠬᠡᠰᠡᠭ ᠤᠨ ᠬᠢᠨ ᠴᠢᠩᠭᠢᠰ ᠬᠠᠭᠠᠨ ᠦᠨᠳᠦᠰᠦᠨ ᠤ ᠮᠦᠽᠧᠢ ᠶᠢᠨ ᠬᠤᠷᠠᠯ ᠤᠨ ᠲᠠᠩᠬᠢᠮ ᠳᠤ ᠥᠨᠥᠳᠥᠷ ᠵᠣᠬᠢᠶᠠᠨ ᠪᠠᠢᠭᠤᠯᠤᠯ᠎ᠠ ᠃
ᠾᠦᠩᠨᠦ ᠶᠢᠨ ᠢᠵᠠᠭᠤᠷᠲᠠᠨ ᠤ ᠤᠷᠤᠰᠢᠭᠤᠯᠭ᠎ᠠ ᠶᠢᠨ ᠴᠣᠭᠴᠠᠯᠠᠪᠤᠷᠢ ᠳᠤᠷᠠᠰᠬᠠᠯ ᠤᠳ ᠢ ᠳᠡᠯᠡᠬᠡᠢ ᠶᠢᠨ ᠰᠣᠶᠤᠯ ᠤᠨ ᠥᠪ ᠦᠨ ᠵᠢᠭ᠌ᠰᠠᠭᠠᠯᠲᠠ ᠳᠤ ᠪᠦᠷᠢᠳᠬᠡᠭᠦᠯᠬᠦ ᠪᠡᠷ ᠶᠤᠨᠧᠰᠺᠤ ᠶᠢᠨ ᠨᠡᠷᠢᠠ ᠪᠢᠴᠢᠭ ᠤᠨ ᠳᠠᠷᠤᠭ᠎ᠠ ᠨᠠᠷ ᠲᠤ 2024 ᠣᠨ ᠤ ᠶᠢᠰᠦᠳᠦᠭᠡᠷ ᠰᠠᠷ᠎ᠠ ᠶᠢᠨ 30 ᠳᠤ ᠮᠠᠲ᠋ᠧᠷᠢᠶᠠᠯ ᠢᠶᠠᠨ ᠬᠦᠷᠭᠡᠭᠦᠯᠦᠭᠡᠳ ᠪᠠᠢᠭᠰᠠᠨ ᠶᠤᠮ᠃
ᠾᠦᠩᠨᠦ ᠶᠢᠨ ᠬᠤᠳᠠ ᠰᠠᠭᠤᠷᠢᠨ ᠢᠵᠠᠭᠤᠷᠲᠠᠨ ᠤ ᠣᠷᠳᠤ ᠦᠷᠭᠦᠭᠡᠨ ᠦ ᠤᠯᠠ ᠮᠥᠷ 30 ᠭᠠᠷᠦᠢ ᠳᠤᠷᠠᠰᠬᠠᠯᠲᠤ ᠭᠠᠵᠠᠷ ᠂ ᠢᠵᠠᠭᠤᠷᠲᠠᠨ ᠤ ᠤᠷᠤᠰᠢᠭᠤᠯᠭ᠎ᠠ ᠶᠢᠨ ᠴᠣᠭᠴᠠᠯᠠᠪᠤᠷᠢ ᠳᠤᠷᠠᠰᠬᠠᠯ ᠪᠤᠯᠦᠠ ᠣᠯᠠᠨ ᠮᠢᠩᠭᠠᠨ ᠪᠤᠯᠠᠰᠢ ᠤᠷᠤᠰᠢᠭᠤᠯᠭ᠎ᠠ ᠶᠢᠨ ᠳᠤᠷᠠᠰᠬᠠᠯ ᠂ 20 ᠣᠷᠴᠢᠮ ᠬᠠᠳᠠᠨ ᠤ ᠵᠢᠷᠤᠭ ᠪᠦᠬᠦᠢ ᠭᠠᠵᠠᠷ ᠤᠳ᠂ 10 ᠭᠠᠷᠦᠢ ᠦᠢᠯᠡᠳᠪᠦᠷᠢᠯᠡᠯ ᠤᠨ ᠳᠤᠷᠠᠰᠬᠠᠯ ᠮᠠᠨ ᠤ ᠤᠯᠤᠰ ᠤᠨ ᠨᠤᠲᠤᠭ ᠲᠤ ᠢᠯᠡᠷᠡᠵᠦ ᠰᠤᠳᠤᠯᠤᠭᠳᠠᠭᠰᠠᠨ ᠪᠠᠢᠳᠠᠭ ᠭᠡᠵᠦ ᠴᠢᠩᠭᠢᠰ ᠬᠠᠭᠠᠨ ᠦᠨᠳᠦᠰᠦᠨ ᠤ ᠮᠦᠽᠧᠶ ᠮᠡᠳᠡᠭᠡᠯᠡᠪᠡ ᠃