ᠬᠦᠨᠡᠰᠦ ᠂ ᠬᠥᠳᠡᠭᠡ ᠠᠵᠤ ᠠᠬᠤᠶ ᠂ ᠬᠥᠩᠭᠡᠨ ᠦᠢᠯᠡᠳᠪᠦᠷᠢ ᠶᠢᠨ ᠰᠠᠢᠳ ᠵ· ᠡᠩᠬᠡᠪᠠᠶᠠᠷ ᠠᠴᠠ ᠡᠸ᠋ᠷᠤ᠋ ᠠᠽᠢ ᠶᠢᠨ ᠡᠳ᠋ ᠦᠨ ᠵᠠᠰᠠᠭ ᠤᠨ ᠬᠣᠯᠪᠣᠭᠠᠨ ᠳᠤ ᠡᠯᠰᠡᠬᠦ ᠠᠰᠠᠭᠤᠳᠠᠯ ᠢᠶᠠᠷ ᠪᠤᠯᠦᠠ ᠰᠠᠯᠪᠤᠷᠢ ᠶᠢᠨ ᠲᠥᠰᠦᠪ ᠤᠨ ᠲᠠᠯ᠎ᠠ ᠪᠠᠷ ᠲᠣᠳᠣᠷᠠᠭᠤᠯᠤᠯ᠎ᠠ ᠃ ᠲᠡᠷᠡ ᠪᠡᠷ ᠄ ᠴᠠᠷ᠎ᠠ ᠲᠠᠬᠤᠯ ᠭᠡᠵᠦ ᠠᠢᠢᠬᠤᠪᠲᠤᠷ ᠵᠦᠢᠯ ᠢ ᠮᠣᠩᠭᠣᠯᠴᠤᠳ ᠲᠤᠭᠤᠯᠤᠭᠰᠠᠨ ᠃ ᠪᠢᠳᠡ ᠭᠠᠳᠠᠭᠠᠳᠤ ᠬᠤᠳᠠᠯᠳᠤᠭᠠᠨ ᠠᠴᠠ ᠬᠡᠲᠦ ᠬᠠᠮᠢᠶᠠᠷᠤᠯ ᠲᠠᠢ ᠪᠣᠯᠣᠭᠰᠠᠨ ᠭᠡᠳᠡᠭ ᠢ ᠬᠠᠷᠠᠭᠤᠯᠤᠭᠰᠠᠨ ᠃ ᠡᠨᠡ ᠠᠰᠠᠭᠤᠳᠠᠯ ᠳᠤ ᠦᠨᠳᠦᠰᠦᠨ ᠤ ᠠᠶᠤᠯᠭᠦᠢ ᠪᠠᠢᠳᠠᠯ ᠤᠨ ᠵᠥᠪᠯᠡᠯ ᠳ᠋ᠦᠩ ᠰᠢᠨᠵᠢᠯᠡᠭᠡ ᠬᠢᠵᠦ ᠂ ᠲᠥᠷᠦ ᠶᠢᠨ ᠲᠡᠷᠢᠬᠦᠠ ᠰᠠᠨᠠᠭᠠᠴᠢᠯᠠᠨ ︽ ᠬᠦᠨᠡᠰᠦᠨ ᠤ ᠬᠤᠪᠢᠰᠬᠠᠯ︾ ᠬᠥᠲᠥᠯᠪᠦᠷᠢ ᠶᠢ ᠬᠡᠷᠡᠭ᠍ᠵᠢᠭᠦᠯᠬᠦ ᠪᠡᠷ ᠤᠯᠤᠰ ᠤᠨ ᠶᠡᠬᠡ ᠬᠤᠷᠠᠯ ᠤᠨ 36 ᠳ᠋ᠤᠭᠠᠷ ᠲᠣᠭᠲᠠᠭᠠᠯ ᠭᠠᠷᠤᠭᠰᠠᠨ ᠃ ᠢᠩᠭᠢᠭ᠍ᠰᠡᠨ ᠢᠶᠡᠷ ᠬᠥᠳᠡᠭᠡ ᠠᠵᠤ ᠠᠬᠤᠢ ᠶᠢᠨ ᠭᠠᠷᠤᠯ ᠲᠠᠢ ᠪᠦᠲᠦᠭᠡᠭ᠍ᠳᠡᠬᠦᠨ ᠤ ᠡᠺᠰᠫᠣᠷᠲ ᠨᠢᠭᠡ ᠶᠡᠭᠡ ᠨᠠᠶᠤᠳ ᠢᠶᠠᠷ ᠨᠡᠮᠡᠭ᠍ᠳᠡᠵᠦ ᠂ ᠭᠠᠳᠠᠭᠠᠳᠤ ᠠᠴᠠ ᠬᠤᠳᠠᠯᠳᠤᠨ ᠠᠪᠳᠠᠭ ᠪᠠᠷᠠᠭ᠎ᠠ 250 ᠲᠡᠷᠪᠤᠮ ᠲᠥᠭᠥᠷᠢᠭ ᠢᠶᠡᠷ ᠪᠠᠭᠠᠰᠴᠤ ᠪᠡᠢᠢᠨ᠎ᠡ ᠃
ᠭᠡᠷ᠎ᠡ ᠬᠡᠯᠡᠯᠴᠡᠭᠡᠷ ᠦᠷᠭᠦᠯᠵᠢᠯᠡᠵᠦ ᠪᠠᠢᠭ᠎ᠠ ᠃ ᠮᠡᠳᠡᠭᠡᠵᠢ ᠂ ᠠᠷᠠᠰᠤ ᠰᠢᠷᠢ ᠂ ᠨᠣᠤᠰᠣ ᠨᠣᠯᠤᠤᠷ ᠦᠨ ᠰᠠᠯᠪᠤᠷᠢ ᠨᠤᠭᠤᠳ ᠲᠤ ᠲᠠᠭᠠᠲᠠᠢ ᠨᠦᠯᠤᠬᠡ ᠭᠠᠷᠤᠨ᠎ᠠ ᠃ ᠲᠡᠭᠡᠬᠦ ᠪᠠᠷ ᠪᠠᠷᠠᠭ᠎ᠠ ᠪᠦᠲᠦᠭᠡᠭ᠍ᠳᠡᠬᠦᠨ ᠤ ᠨᠡᠷ᠎ᠡ ᠲᠥᠷᠥᠯ ᠪᠣᠯᠭᠠᠨ ᠳᠡᠭᠡᠷ᠎ᠡ ᠶᠠᠷᠢᠶ᠎ᠠ ᠬᠡᠯᠡᠯᠴᠡᠭᠡ ᠬᠢᠵᠦ ᠂ ᠡᠶᠡᠷᠭᠦ ᠰᠥᠷᠭᠦ ᠲᠠᠯ᠎ᠠ ᠶᠢ ᠨᠢ ᠲᠣᠭᠠᠴᠠᠭᠠᠯᠠᠨ᠎ᠠ ᠃ ᠪᠢᠳᠡ ᠪᠦᠰᠡ ᠨᠤᠳᠦᠬ ᠲᠡᠬᠢ ᠬᠡᠳᠦ ᠬᠡᠳᠦᠨ ᠣᠯᠠᠨ ᠤᠯᠤᠰ ᠤᠨ ᠪᠠᠢᠭᠤᠯᠤᠯᠭ᠎ᠠ ᠨᠤᠭᠤᠳ ᠲᠤ ᠡᠯᠰᠡᠬᠦ ᠪᠠᠨ ᠬᠣᠢᠰᠢᠯᠠᠭᠤᠯᠵᠤ ᠪᠠᠢᠭ᠎ᠠ ᠃ ᠴᠡᠬ ᠨᠢ ᠪᠣᠯᠤᠭ᠎ᠠ ᠦᠭᠡᠢ ᠃ ᠡᠶᠡᠷᠭᠦ ᠰᠥᠷᠭᠦ ᠦᠷ᠎ᠡ ᠳᠠᠭᠠᠪᠤᠷᠢ ᠂ ᠨᠥᠯᠥᠭᠡ ᠶᠢ ᠲᠣᠭᠠᠴᠢᠵᠤ ᠳᠠᠭᠤᠰᠤᠭ᠎ᠠ ᠦᠭᠡᠢ ᠪᠡᠢᠢᠨ᠎ᠡ ᠃ ᠡᠸ᠋ᠷᠤ᠋ ᠠᠽᠢ ᠶᠢᠨ ᠡᠳ᠋ ᠦᠨ ᠵᠠᠰᠠᠭ ᠤᠨ ᠬᠣᠯᠪᠣᠭᠠᠨ ᠳᠤ ᠮᠣᠩᠭᠣᠯ ᠡᠯᠰᠡᠬᠦ ᠦᠭᠡᠢ ᠪᠡᠷ ᠵᠥᠪᠬᠡᠨ ᠬᠣᠶᠠᠷ ᠲᠠᠯ᠎ᠠ ᠶᠢᠨ ᠭᠡᠷ᠎ᠡ ᠬᠡᠯᠡᠯᠴᠡᠭᠡᠷ ᠂ ᠲᠦᠷ ᠲᠤᠷᠰᠢᠯᠲᠠ ᠶᠢᠨ ᠭᠡᠷ᠎ᠡ ᠨᠦᠭᠦᠳ ᠢ ᠬᠢᠵᠦ ᠪᠠᠢᠭ᠎ᠠ ᠃ ᠡᠭᠦᠨ ᠠᠴᠠ ᠭᠠᠷᠬᠤ ᠦᠷ᠎ᠡ ᠳᠠᠭᠠᠪᠤᠷᠢ ᠶᠢ ᠲᠣᠭᠠᠴᠠᠯᠠᠵᠤ ᠂ ᠳᠠᠷᠠᠭ᠎ᠠ ᠶᠢᠨ ᠭᠡᠷ᠎ᠡ ᠬᠡᠯᠡᠯᠴᠡᠭᠡᠷ ᠢ ᠬᠢᠨ᠎ᠡ ᠭᠡᠰᠡᠨ ᠪᠣᠳᠣᠯ ᠲᠠᠢ ᠂ ᠨᠡᠷᠢᠠ ᠲᠣᠭᠠᠴᠠᠭᠠᠯᠠᠯ ᠲᠠᠢ ᠂ ᠪᠣᠯᠭᠣᠮᠵᠢ ᠲᠠᠢ ᠠᠯᠬᠤᠮ ᠢ ᠬᠢᠵᠦ ᠪᠠᠢᠭ᠎ᠠ ᠭᠡᠪᠡ ᠃