ᠶᠠᠫᠣᠨ ᠤ ᠨᠡᠢᠰᠯᠡᠯ ᠲᠤᠤᠺᠢᠣ᠋ ᠬᠣᠲᠠ ᠳᠤ ᠵᠢᠦ᠋ᠳᠤ᠋ ᠪᠥᠬᠡ ᠶᠢᠨ ᠡᠨᠡ ᠣᠨ ᠤ ᠰᠡᠭᠦᠯ ᠦᠨ 《 ᠶᠡᠭᠡ ᠲᠤᠭᠤᠯᠡᠭᠠ 》 ᠲᠡᠮᠡᠴᠡᠭᠡᠨ ᠪᠣᠯᠵᠤ ᠥᠨᠳᠥᠷᠯᠡᠯ᠎ᠡ ᠃《ᠪᠡᠭ᠎ᠠ ᠳᠡᠯᠡᠬᠡᠢ ᠶᠢᠨ ᠠᠪᠤᠷᠭᠤ 》ᠭᠡᠭ᠍ᠳᠡᠳᠡᠭ ᠲᠤᠰ ᠲᠡᠮᠡᠴᠡᠭᠡᠨ ᠳᠤ 47 ᠣᠷᠣᠨ ᠤ 245 ᠲᠠᠮᠢᠷᠴᠢᠨ ᠵᠣᠳᠣᠭᠯᠠᠭᠰᠠᠨ ᠪᠣᠯ ᠮᠠᠨ ᠤ ᠤᠯᠤᠰ ᠠᠴᠠ 19 ᠲᠠᠮᠢᠷᠴᠢᠨ ᠬᠦᠴᠦ ᠦᠵᠡᠯ᠎ᠡ ᠃
ᠲᠡᠮᠡᠴᠡᠭᠡᠨ ᠤ ᠡᠬᠢᠨ ᠤ ᠡᠳᠦᠷ ᠡᠮᠡᠭ᠍ᠲᠡᠢᠴᠦᠳ ᠤᠨ 57 ᠺᠢᠯᠣᠭ᠍ᠷᠠᠮ ᠤᠨ ᠵᠢᠩ ᠳᠤ ᠂ ᠥᠰᠪᠦᠷᠢ ᠶᠢᠨ ᠳᠡᠯᠡᠬᠡᠢ ᠶᠢᠨ ᠠᠪᠤᠷᠭᠤ ᠳᠤ ᠲᠦᠷᠦᠭᠦᠯᠡᠭ᠍ᠰᠡᠨ ᠠᠩᠬᠠᠨ ᠤ ᠮᠣᠩᠭᠣᠯ ᠵᠢᠦᠳᠤᠴᠢ ᠲ·ᠠᠷᠢᠭᠤᠨᠵᠠᠶᠠᠭ᠎ᠠ ᠬᠦᠷᠡᠯ ᠮᠧᠳᠠᠯ ᠬᠦᠷᠲᠡᠯ᠎ᠡ᠃ ᠲᠡᠷᠡ ᠪᠡᠷ ᠬᠦᠷᠡᠯ ᠦᠨ ᠲᠥᠯᠥᠭᠡ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠮᠤᠢ᠍ᠨᠭᠬᠦ ᠂ ᠬᠦᠷᠡᠯ ᠮᠧᠲᠠᠯᠲᠤ ᠶᠠᠫᠣᠨ ᠤ ᠮᠤᠮᠤ᠋ ᠲᠠᠮᠠᠤᠺ ᠢ ᠢᠯᠠᠭᠰᠠᠨ ᠢᠶᠠᠷ《 ᠶᠡᠭᠡ ᠲᠤᠭᠤᠯᠡᠭᠠ 》 ᠠ᠋ᠴᠠ ᠠᠩᠬᠠᠨ ᠤ ᠮᠸᠲᠠᠯ ᠢᠶᠠᠨ ᠬᠦᠷᠲᠡᠪᠡ ᠃