ᠬᠠᠰᠠᠭᠰᠲ᠋ᠠᠨ ᠤ ᠰᠤᠶᠦᠯ ᠮᠡᠳᠡᠭᠡᠯᠡᠯ ᠦᠨ ᠶᠠᠮᠤᠨ᠂ ᠣᠯᠠᠨ ᠤᠯᠤᠰ ᠤᠨ ᠲᠦᠷᠦᠭ ᠰᠣᠶᠤᠯ ᠤᠨ ᠪᠠᠢᠭᠤᠯᠤᠯᠭ᠎ᠠ ᠬᠠᠮᠲᠤᠷᠠᠨ ᠲᠡᠦᠬᠡᠨ ᠬᠦᠴᠦᠷᠭᠡᠭ ᠡᠮᠡᠭ᠍ᠳᠡᠢ ᠤᠳᠤᠷᠢᠳᠤᠭ᠌ᠴᠢᠳ ᠤᠨ ᠲᠤᠬᠠᠶ ᠦᠭᠦᠯᠡᠬᠦ《ᠬᠠᠨ ᠰᠤᠯᠲ᠋ᠠᠨ᠄ ᠠᠯᠲᠠᠨ ᠣᠷᠳᠤ》ᠲᠤᠤᠯᠢᠰ ᠤᠨ ᠲᠠᠭᠤᠷᠢ ᠶᠢ ᠲᠦᠷᠺ ᠦᠨ ᠨᠡᠢᠰᠯᠡᠯ ᠳᠦ ᠡᠨᠡ ᠰᠠᠷ᠎ᠠ ᠶᠢᠨ 15-17 ᠳᠦ ᠲᠣᠭᠯᠠᠬᠤ ᠪᠠᠷ ᠪᠣᠯᠵᠠᠢ ᠃
ᠣᠯᠠᠨ ᠤᠯᠤᠰ ᠤᠨ ᠲᠦᠷᠦᠭ ᠰᠣᠶᠤᠯ ᠤᠨ ᠪᠠᠢᠭᠤᠯᠤᠯᠭ᠎ᠠ ᠶᠢᠨ ᠶᠡᠷᠦᠩᠬᠡᠶ ᠨᠡᠷᠢᠠ ᠪᠢᠴᠢᠭ ᠤᠨ ᠳᠠᠷᠤᠭ᠎ᠠ ᠰᠤᠯᠲ᠋ᠠᠨ ᠷᠠᠶ᠋ᠸ᠄︽ᠬᠠᠨ ᠰᠤᠯᠲ᠋ᠠᠨ》ᠳᠠᠭᠤᠷᠢ ᠪᠣᠯ ᠲᠦᠷᠦᠭ ᠬᠡᠯᠡᠲᠦ ᠣᠷᠣᠨ ᠨᠤᠭᠤᠳ ᠤᠨ ᠰᠣᠶᠤᠯ ᠤᠨ ᠥᠪ ᠪᠣᠯᠣᠭᠠᠳ ᠲᠡᠦᠬᠡ ᠶᠢ ᠬᠢᠯᠪᠠᠷ ᠣᠢᠯᠠᠭᠠᠭᠤᠯᠬᠤ ᠮᠠᠰᠢ ᠴᠢᠬᠤᠯᠠ ᠤᠷᠠᠯᠢᠭ ᠤᠨ ᠠᠵᠢᠯ ᠬᠡᠮᠡᠵᠡᠢ᠃ ᠳᠠᠭᠤᠷᠢ ᠶᠢᠨ ᠵᠣᠬᠢᠶᠠᠭ᠌ᠴᠢ ᠶᠢᠨ ᠪᠢᠴᠢᠭ᠍ᠰᠡᠨ ᠢᠶᠡᠷ᠂ ᠬᠠᠨ ᠰᠤᠯᠲ᠋ᠠᠨ ᠨᠢ ᠬᠣᠷᠧᠽᠮ ᠤᠨ ᠱᠠᠾ ᠮᠤᠬᠠᠮᠮᠧᠳ᠋ ᠤᠨ ᠦᠬᠢᠨ ᠪᠥᠭᠡᠳ ᠴᠢᠩᠭᠢᠰ ᠬᠠᠭᠠᠨ ᠰᠠᠷᠲᠠᠭᠤᠯ ᠤᠯᠤᠰ ᠢ ᠮᠥᠬᠦᠭᠡᠬᠦ ᠳᠤ ᠪᠠᠨ ᠱᠠᠾ ᠤᠨ ᠡᠬᠡ ᠲᠤᠷᠠᠬᠠᠨ ᠬᠠᠲᠤᠨ ᠠᠴᠠ ᠭᠠᠳᠡᠨ᠎ᠡ ᠱᠠᠾ ᠥᠬᠢᠨ ᠢ ᠤᠯᠵᠠᠯᠠᠭᠠᠳ ᠬᠦᠦ ᠵᠦᠴᠢ ᠳᠤ ᠪᠠᠨ ᠬᠠᠲᠤᠨ ᠪᠣᠯᠭᠠᠨ ᠥᠭ᠍ᠭᠦᠨ᠎ᠡ᠃ ᠬᠠᠨ ᠰᠤᠯᠲ᠋ᠠᠨ ᠠᠪᠠᠯᠢ ᠨᠥᠬᠥᠷ ᠲᠤ ᠪᠡᠨ ᠪᠡᠷᠬᠡ ᠲᠡᠷᠢᠭᠦᠲᠡᠢ ᠭᠤᠷᠪᠠᠨ ᠬᠦᠦ ᠲᠥᠷᠥᠭᠦᠯᠵᠦ ᠥᠭ᠍ᠭᠦᠭ᠍ᠰᠡᠨ ᠪᠥᠭᠡᠳ ᠠᠯᠲᠠᠨ ᠣᠷᠳᠣᠨ ᠤ ᠤᠯᠤᠰ ᠢ ᠪᠠᠢᠭᠤᠯᠬᠤ ᠳᠤ ᠲᠡᠳᠡᠭᠡᠷ ᠬᠥᠪᠡᠭᠦᠳ ᠡᠴᠡ ᠭᠠᠳᠡᠨ᠎ᠡ ᠬᠠᠲᠤᠨ ᠡᠬᠡ ᠨᠢ ᠠᠰᠤᠷᠤ ᠶᠡᠭᠡ ᠡᠭᠦᠷᠭᠡ ᠭᠦᠢᠴᠡᠳᠬᠡᠭ᠍ᠰᠡᠨ ᠲᠤᠬᠠᠶ ᠤᠭ ᠳᠠᠭᠤᠷᠢ ᠳᠤ ᠥᠭᠦᠯᠡᠳᠡᠭ ᠪᠡᠢᠢᠨ᠎ᠡ ᠃