ᠮᠣᠩᠭᠣᠯ ᠤᠯᠤᠰ ᠲᠤ ᠰᠠᠭᠤᠭ᠎ᠠ ᠶᠠᠫᠣᠨ ᠤ ᠡᠯᠴᠢᠨ ᠰᠠᠢᠳ ᠤᠨ ᠶᠠᠮᠤᠨ ᠠᠴᠠ《ᠪᠠᠭᠠᠪᠠᠭᠠᠢ ᠪᠣᠯᠬᠤ ᠰᠠᠨ》 ᠺᠢᠨᠣ᠋ ᠶᠢᠨ ᠨᠠᠢᠢᠷᠠᠭᠤᠯᠤᠭ᠌ᠴᠢ ᠫ᠊· ᠵᠣᠯᠵᠢᠷᠭᠠᠯ ᠳᠤ《ᠡᠯᠴᠢᠨ ᠰᠠᠢᠳ ᠤᠨ ᠡᠷᠭᠦᠮᠵᠢᠯᠡᠯ》ᠬᠦᠷᠲᠡᠭᠡᠬᠦ ᠪᠡᠷ ᠪᠣᠯᠵᠠᠢ ᠃
ᠮᠠᠨ ᠤ ᠤᠯᠤᠰ ᠠᠴᠠ ᠡᠮᠦᠨ᠎ᠡ ᠨᠢ ᠪᠣᠯᠪᠠᠰᠤᠷᠠᠯ ᠤᠨ ᠰᠠᠢᠳ ᠫ᠊·ᠨᠠᠷᠠᠨᠪᠠᠶᠠᠷ᠂ ᠠᠺᠠᠳᠧᠮᠢᠴᠢ ᠰ·ᠨᠠᠷᠠᠨᠭᠡᠷᠡᠯ᠂ ᠳᠠᠭᠤᠴᠢᠨ ᠳ· ᠤᠶᠤᠨᠲᠦ᠋ᠯᠬᠢᠭᠦᠷ ᠨᠠᠷ ᠲᠤ ᠣᠯᠭᠣᠵᠤ ᠪᠠᠢᠭᠰᠠᠨ ᠤᠭ ᠡᠷᠭᠦᠮᠵᠢᠯᠡᠯ ᠢ ᠬᠣᠶᠠᠷ ᠣᠷᠣᠨ ᠤ ᠬᠠᠷᠢᠯᠴᠠᠭ᠎ᠠ ᠶᠢ ᠥᠷᠭᠡᠵᠢᠭᠦᠯᠦᠨ ᠬᠥᠭ᠍ᠵᠢᠭᠦᠯᠬᠦ ᠳᠤ ᠦᠨ᠎ᠡ ᠲᠠᠢ ᠬᠤᠪᠢ ᠨᠡᠮᠡᠷᠢ ᠣᠷᠣᠭᠤᠯᠤᠭᠰᠠᠨ ᠬᠤᠪᠢ ᠬᠥᠮᠦᠨ ᠪᠤᠯᠦᠠ ᠪᠠᠢᠭᠤᠯᠤᠯᠭ᠎ᠠ ᠳᠤ ᠣᠯᠭᠣᠳᠠᠭ ᠤᠯᠠᠮᠵᠢᠯᠠᠯ ᠲᠠᠢ᠃ ᠡᠨᠡ ᠤᠳᠠᠭ᠎ᠠ ᠶᠢᠨ ᠡᠷᠭᠦᠮᠵᠢᠯᠡᠯ ᠢ ᠢᠷᠡᠬᠦ ᠰᠠᠷ᠎ᠠ ᠶᠢᠨ 5 ᠣ ᠡᠳᠦᠷ ᠭᠠᠷᠳᠠᠭᠤᠯᠤᠨ᠎ᠠ᠃ ᠫ᠊· ᠵᠣᠯᠵᠢᠷᠭᠠᠯ ᠨᠢ ᠶᠠᠫᠣᠨ ᠤ ᠤᠪᠢᠷᠢᠨ ᠶᠡᠭᠡ ᠰᠤᠷᠭᠠᠭᠤᠯᠢ ᠶᠢᠨ ᠺᠢᠨᠣ᠋ ᠨᠠᠢᠢᠷᠠᠭᠤᠯᠤᠭ᠌ᠴᠢ ᠶᠢᠨ ᠠᠡᠭ᠍ᠬᠢ ᠳᠤ 100 ᠮᠢᠩᠭᠠᠨ ᠳ᠋ᠣᠯᠯᠠᠷ ᠤᠨ ᠲᠡᠳᠬᠦᠯᠭᠡ ᠲᠠᠢ ᠪᠠᠷ ᠰᠤᠷᠤᠯᠴᠠᠵᠤ 2008 ᠣᠨ ᠳᠤ ᠲᠡᠭᠦᠰᠦᠭ᠍ᠰᠡᠨ ᠶᠤᠮ᠃