ᠠᠩᠭ᠍ᠯᠢ ᠶᠢᠨ ᠱᠧᠹᠹᠢᠯᠳ᠋ ᠬᠣᠲᠠ ᠳᠤ ᠪᠣᠺᠰ ᠤᠨ ᠳᠡᠯᠡᠬᠡᠢ ᠶᠢᠨ ᠴᠣᠮᠣ ᠶᠢᠨ ᠲᠡᠮᠡᠴᠡᠭᠡᠨ ᠡᠨᠡ ᠰᠠᠷ᠎ᠠ ᠶᠢᠨ 25 ᠳᠤ ᠡᠬᠢᠯᠡᠨ᠎ᠡ ᠃ ᠲᠤᠰ ᠲᠡᠮᠡᠴᠡᠭᠡᠨ ᠳᠤ ᠮᠠᠨ ᠤ ᠤᠯᠤᠰ ᠠᠴᠠ ᠡᠷᠡᠭ᠍ᠲᠡᠢ ᠲᠠᠪᠤ ᠂ ᠡᠮᠡᠭ᠍ᠳᠡᠢ ᠳᠥᠷᠪᠡᠨ ᠲᠠᠮᠢᠷᠴᠢᠨ ᠥᠷᠢᠰᠦᠯᠳᠦᠬᠦ ᠪᠡᠷ ᠤᠳᠠᠬᠤ ᠦᠭᠡᠢ ᠶᠠᠪᠤᠬᠤ ᠭᠡᠵᠦ ᠪᠡᠢᠢᠨ᠎ᠡ ᠃
ᠲᠣᠳᠣᠷᠠᠭᠤᠯᠪᠠᠯ ᠂ ᠡᠷᠡᠭ᠍ᠲᠡᠢᠴᠦᠳ ᠤᠨ 51 ᠺᠢᠯᠣᠭ᠍ᠷᠠᠮ ᠤᠨ ᠵᠢᠩ ᠳᠤ ᠠ· ᠪᠠᠲᠤᠲᠤᠯᠭ᠎ᠠ᠂ 57 ᠺᠢᠯᠣᠭ᠍ᠷᠠᠮ ᠳᠤ ᠳᠡᠯᠡᠬᠡᠢ ᠶᠢᠨ ᠴᠣᠮᠣ ᠶᠢᠨ ᠠᠪᠤᠷᠭᠤ ᠬ· ᠪᠢᠯᠢᠭᠦᠨᠰᠠᠢᠬᠠᠨ᠂ ᠳ· ᠭᠠᠩᠪᠣᠯᠣᠳ ᠂ 63.5 ᠺᠢᠯᠣᠭ᠍ᠷᠠᠮ ᠳᠤ ᠲ·ᠡᠩᠬᠡᠲᠦ᠋ᠷᠤ ᠂ 71 ᠺᠢᠯᠣᠭ᠍ᠷᠠᠮ ᠳᠤ ᠪ ∙ᠮᠢᠰᠢᠶᠡᠯᠲᠡ ᠨᠠᠷ ᠣᠷᠣᠯᠴᠠᠨ᠎ᠠ ᠃ ᠲᠡᠭᠡᠪᠡᠯ ᠡᠮᠡᠭ᠍ᠲᠡᠢᠴᠦᠳ ᠤᠨ 50 ᠺᠢᠯᠣᠭ᠍ᠷᠠᠮ ᠤᠨ ᠵᠢᠩ ᠳᠤ ᠯ·ᠠᠯᠲᠠᠨᠴᠡᠴᠡᠭ᠂ 54 ᠺᠢᠯᠣᠭ᠍ᠷᠠᠮ ᠳᠤ ᠣ· ᠶᠢᠰᠦᠭᠡᠨ ᠂ 57 ᠺᠢᠯᠣᠭ᠍ᠷᠠᠮ ᠳᠦ ᠡ᠊· ᠮᠢᠴᠢᠳᠮᠠ ᠂ 60 ᠺᠢᠯᠣᠭ᠍ᠷᠠᠮ ᠳᠦ ᠮ ∙ ᠨᠠᠮᠤᠭᠤᠨ ᠨᠠᠷ ᠦᠷᠢᠰᠦᠯᠳᠦᠨ᠎ᠡ ᠃