1987 ᠣᠨ ᠠᠴᠠ ᠬᠤᠢᠢᠰᠢ ᠲᠡᠰᠦᠷᠡᠯᠳᠠ ᠦᠭᠡᠢ ᠵᠣᠬᠢᠶᠠᠨ ᠪᠠᠢᠭᠤᠯᠵᠤ ᠪᠤᠶ《ᠡᠭᠡᠰᠢᠭ᠍ᠯᠡᠩᠲᠦ ᠭᠣᠪᠢ》ᠢᠷᠠᠭᠤ ᠨᠠᠢᠢᠷᠠᠭ ᠤᠨ ᠨᠠᠭᠠᠳᠤᠮ ᠥᠩᠭᠡᠷᠡᠭ᠍ᠴᠢ ᠠᠮᠠᠷᠠᠯᠲᠠ ᠶᠢᠨ ᠡᠳᠦᠷ ᠤᠳ ᠲᠤ ᠡᠮᠦᠨᠡᠭᠤᠪᠢ ᠠᠢᠮᠠᠭ ᠲᠤ ᠪᠣᠯᠣᠯ᠎ᠠ ᠃ ᠨᠠᠭᠠᠳᠤᠮ ᠢ 2008 ᠣᠨ ᠠᠴᠠ ᠡᠬᠢᠯᠡᠨ ᠠᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠲᠠᠢ ᠬᠠᠮᠲᠤᠷᠠᠨ ᠵᠣᠬᠢᠶᠠᠨ ᠪᠠᠢᠭᠤᠯᠵᠤ ᠢᠷᠠᠵᠠᠢ ᠃
ᠡᠨᠡ ᠤᠳᠠᠭ᠎ᠠ ᠶᠢᠨ ᠨᠠᠭᠠᠳᠤᠮ ᠳᠤ 26 ᠢᠷᠠᠭᠤ ᠨᠠᠢᠢᠷᠠᠭ᠌ᠴᠢ ᠡᠴᠦᠰ ᠤᠨ ᠱᠠᠲᠤᠨ ᠳᠤ ᠲᠤᠨᠤᠵᠤ ᠦᠯᠡᠳᠡᠭ᠍ᠰᠡᠨ ᠪᠡᠢᠢᠨ᠎ᠡ᠃ ᠤᠯᠠᠮ ᠢᠶᠠᠷ ᠲᠡᠷᠢᠬᠦᠠ ᠪᠠᠢᠷᠢᠨ ᠳᠤ ᠭᠤᠷᠪᠠᠨᠲᠡᠰ ᠰᠤᠮᠤ ᠶᠢᠨ ᠢᠷᠠᠭᠤ ᠨᠠᠢᠢᠷᠠᠭ᠌ᠴᠢ ᠲ· ᠡᠩᠬᠡ ᠡᠷᠳᠡᠨᠢ᠂ ᠳᠡᠳ᠋ ᠪᠠᠢᠷᠢᠨ ᠳᠤ ᠬᠠᠨᠪᠣᠭᠳᠠ ᠰᠤᠮᠤ ᠶᠢᠨ ᠢᠷᠠᠭᠤ ᠨᠠᠢᠢᠷᠠᠭ᠌ᠴᠢ ᠪ∙ᠪᠠᠶᠠᠨᠲᠤᠩᠭᠠᠯᠠᠭ᠂ ᠭᠤᠷᠪᠠᠳᠤᠭᠠᠷ ᠪᠠᠢᠷᠢᠨ ᠳᠤ ᠭᠤᠷᠪᠠᠨᠲᠡᠰ ᠰᠤᠮᠤ ᠶᠢᠨ ᠢᠷᠠᠭᠤ ᠨᠠᠢᠢᠷᠠᠭ᠌ᠴᠢ ᠴᠢᠯᠠᠭᠤᠨ ᠡᠷᠳᠡᠨᠢ ᠰᠢᠯᠭᠠᠷᠠᠯ᠎ᠠ᠃ ᠮᠤᠢ᠍ᠠ ᠰᠣᠨᠢᠷᠬᠠᠭᠤᠯᠬᠤ ᠳᠤ᠂ ᠲᠤᠰ ᠨᠠᠭᠠᠳᠤᠮ ᠢ ᠢᠷᠠᠭᠤ ᠨᠠᠢᠢᠷᠠᠭ᠂ ᠰᠣᠩᠭᠣᠳᠠᠭ ᠬᠥᠭ᠍ᠵᠢᠮ ᠢ ᠬᠣᠣᠰᠯᠠᠭᠤᠯᠤᠨ ᠵᠣᠬᠢᠶᠠᠨ ᠪᠠᠢᠭᠤᠯᠵᠠᠢ ᠃