ᠤᠯᠤᠰ ᠤᠨ ᠶᠡᠬᠡ ᠬᠤᠷᠠᠯ ᠤᠨ ᠪᠣᠯᠪᠠᠰᠤᠷᠠᠯ ᠂ ᠰᠤᠶᠦᠯ ᠂ ᠰᠢᠨᠵᠢᠯᠡᠬᠦ ᠤᠬᠠᠭᠠᠨ ᠂ ᠰᠫᠣᠷᠲ ᠤᠨ ᠪᠠᠢᠩᠭᠤ ᠶᠢᠨ ᠬᠣᠷᠢᠶᠠᠨ ᠤ ᠥᠨᠥᠳᠥᠷ ︵ 11.13︶ ᠦᠨ ᠬᠤᠷᠠᠯᠳᠤᠭᠠᠨ ᠢᠶᠠᠷ ᠲᠥᠷᠦ ᠶᠢᠨ ᠥᠮᠴᠢ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠂ ᠴᠡᠴᠡᠷᠯᠢᠭ ᠂ ᠲᠣᠳᠣᠭᠣᠷ ᠪᠠᠢᠷᠢᠨ ᠤ ᠨᠦᠬᠡᠨ ᠵᠣᠷᠯᠣᠩ ᠢ ᠣᠷᠴᠢᠨ ᠦᠶ᠎ᠡ ᠶᠢᠨ ᠰᠲ᠋ᠡᠨᠳᠡᠷᠲ ᠂ ᠱᠠᠭᠠᠷᠳᠠᠯᠭ᠎ᠠ ᠳᠤ ᠨᠡᠢᠢᠴᠡᠭ᠍ᠰᠡᠨ ᠠᠷᠢᠭᠤᠨ ᠴᠡᠪᠡᠷ ᠦᠨ ᠪᠠᠢᠭᠤᠯᠤᠮᠵᠢ ᠪᠡᠷ ᠰᠤᠯᠢᠬᠤ ᠠᠵᠢᠯ ᠤᠨ ᠶᠠᠪᠤᠴᠠ ᠳᠤ ᠳᠡᠮᠵᠢᠯᠭᠡ ᠦᠵᠡᠭᠦᠯᠬᠦ ᠡᠭᠦᠷᠭᠡ ᠪᠦᠬᠦᠢ ᠠᠵᠢᠯ ᠤᠨ ᠬᠡᠰᠡᠭ ᠦᠨ ᠦᠢᠯᠡ ᠠᠵᠢᠯᠯᠠᠭᠠᠨ ᠤ ᠤᠳᠦᠷᠢᠳᠦᠮᠵᠢ ᠪᠡᠳᠦᠯᠡᠬᠤ ᠲᠤᠬᠠᠶ ᠪᠠᠢᠩᠭᠤ ᠶᠢᠨ ᠬᠣᠷᠢᠶᠠᠨ ᠤ ᠲᠣᠭᠲᠠᠭᠠᠯ ᠤᠨ ᠲᠥᠰᠥᠯ ᠢ ᠬᠡᠯᠡᠯᠴᠡᠯ᠎ᠡ ᠃
ᠪᠣᠯᠪᠠᠰᠤᠷᠠᠯ ᠤᠨ ᠰᠠᠢᠳ ᠫ᠊· ᠨᠠᠷᠠᠨᠪᠠᠶᠠᠷ ᠂ ᠡᠨᠡ ᠬᠦ ᠲᠥᠰᠥᠯ ᠳᠦᠷᠪᠡᠨ ᠦᠶ᠎ᠡ ᠱᠠᠲᠤ ᠲᠠᠢ ᠬᠡᠷᠡᠭ᠍ᠵᠢᠵᠦ᠂ 796 ᠠᠷᠢᠭᠤᠨ ᠴᠡᠪᠡᠷ ᠦᠨ ᠪᠠᠢᠢᠭᠤᠯᠤᠮᠵᠢ ᠪᠠᠷᠢᠬᠤ ᠪᠡᠷ ᠲᠥᠰᠦᠪᠯᠡᠭ᠍ᠰᠡᠨ ᠪᠡᠢᠢᠨ᠎ᠡ ᠃ ᠥᠨᠥᠳᠥᠷ ᠦᠨ ᠪᠠᠢᠳᠠᠯ ᠢᠶᠠᠷ 506 ᠠᠷᠢᠭᠤᠨ ᠴᠡᠪᠡᠷ ᠦᠨ ᠪᠠᠢᠭᠤᠯᠤᠮᠵᠢ ᠶᠢ ᠪᠦᠷᠢᠠ ᠪᠠᠷᠢᠵᠤ ᠳᠠᠭᠤᠰᠬᠠᠭᠰᠠᠨ ᠃ ᠲᠥᠰᠥᠯ 2025 ᠣᠨ ᠤ 6 ᠳ᠋ᠤᠭᠠᠷ ᠰᠠᠷ᠎ᠠ ᠳᠤ ᠪᠦᠷᠢᠠ ᠳᠠᠭᠤᠰᠬᠤ ᠪᠠᠷ ᠲᠥᠯᠥᠪᠯᠡᠵᠦ ᠪᠡᠢᠢᠨ᠎ᠡ ᠭᠡᠪᠡ ᠃