ᠲᠥᠪ ᠠᠽᠢᠶ᠎ᠠ ᠶᠢᠨ ᠠᠭᠤᠯᠠᠷᠬᠠᠭ ᠪᠦᠰᠡ ᠶᠢᠨ ᠮᠥᠰᠦᠨ ᠭᠣᠣᠯ ᠤᠳ ᠤᠨ 50 ᠭᠠᠷᠦᠢ ᠬᠤᠪᠢ ᠨᠢ 2025 ᠣᠨ ᠭᠡᠬᠦ ᠳᠤ ᠬᠠᠢᠢᠯᠬᠤ ᠡᠷᠡᠰᠳᠡᠯ ᠲᠠᠢ ᠪᠡᠢᠢᠨ᠎ᠡ ᠃ 2050 ᠣᠨ ᠭᠡᠬᠦ ᠳᠤ ᠡᠨᠡ ᠪᠦᠰᠡ ᠨᠤᠲᠤᠭ ᠤᠨ ᠮᠥᠰᠦᠨ ᠭᠣᠣᠯ ᠤᠳ ᠤᠨ 50 ᠭᠠᠷᠦᠢ ᠬᠤᠪᠢ ᠨᠢ ᠬᠠᠢᠯᠵᠤ ᠂ 64 ᠰᠠᠶ᠎ᠠ ᠭᠠᠷᠤᠢ ᠬᠥᠮᠦᠨ ᠤᠰᠤ ᠂ ᠬᠦᠨᠡᠰᠦᠨ ᠤ ᠠᠶᠤᠯᠭᠦᠢ ᠪᠠᠢᠳᠠᠯ ᠤᠨ ᠡᠷᠡᠰᠳᠡᠯ ᠳᠦ ᠣᠷᠣᠵᠤ ᠪᠣᠯᠵᠣᠰᠢ ᠦᠭᠡᠢ ᠭᠡᠨ᠎ᠡ ᠃
ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠠᠰᠠᠭᠤᠳᠠᠯ ᠤᠨ ᠳᠡᠯᠡᠬᠡᠢ ᠶᠢᠨ ᠤᠳᠤᠷᠢᠳᠤᠭ᠌ᠴᠢᠳ ᠤᠨ ᠲᠡᠭᠡᠳᠦ ᠲᠦᠪᠰᠢᠨ ᠦ ᠠᠭᠤᠯᠵᠠᠯᠲᠠ ᠳᠤ ᠣᠷᠣᠯᠴᠠᠵᠤ ᠪᠤᠶ ᠶᠡᠷᠦᠩᠬᠡᠢᠢᠯᠡᠭ᠍ᠴᠢ ᠤ· ᠬᠦᠷᠡᠯᠰᠦ᠋ᠬᠡ᠄ 《 ᠮᠣᠩᠭᠣᠯ ᠤᠯᠤᠰ ᠤᠨ ᠤᠰᠤᠨ ᠤ ᠨᠡᠢᠢᠲᠡ ᠨᠥᠭᠡᠴᠡ ᠶᠢᠨ 10.5 ᠬᠤᠪᠢ ᠶᠢ ᠪᠦᠷᠢᠳᠦᠭᠦᠯᠳᠡᠭ ᠮᠥᠩᠬᠡ ᠴᠠᠰᠤ ᠂ ᠮᠥᠰᠦᠨ ᠭᠣᠣᠯ ᠤᠳ ᠪᠠᠭᠠᠰᠤᠭᠰᠠᠭᠠᠷ ᠪᠠᠢᠭ᠎ᠠ ᠃ ᠠᠯᠲᠠᠢ ᠶᠢᠨ ᠠᠭᠤᠯᠠᠰ ᠤᠨ ᠮᠥᠩᠬᠡ ᠴᠠᠰᠤ ᠂ ᠮᠥᠰᠦᠨ ᠭᠣᠣᠯ ᠤᠨ ᠭᠡᠮᠵᠢᠶ᠎ᠠ ᠰᠡᠭᠦᠯ ᠦᠨ 80 ᠭᠠᠷᠦᠢ ᠵᠢᠯ ᠳᠤ 40 ᠣᠷᠴᠢᠮ ᠬᠤᠪᠢ ᠪᠠᠷ ᠪᠠᠭᠠᠰᠤᠭᠰᠠᠨ ᠰᠤᠳᠤᠯᠭ᠎ᠠ ᠭᠠᠷᠤᠭᠰᠠᠨ》 ᠢ ᠣᠨᠴᠠᠯᠠᠭᠰᠠᠨ ᠪᠡᠢᠢᠨ᠎ᠡ᠃