ᠤᠯᠠᠭᠠᠨᠪᠠᠭᠠᠲᠤᠷ᠂ 2024 .11.11᠂ ᠮᠣᠩᠭᠣᠯ ᠤᠨ ᠴᠠᠬᠢᠯᠭᠠᠨ ᠮᠡᠳᠡᠭᠡ
ᠠᠮᠠᠨ ᠪᠢᠯᠢᠭ ᠵᠦᠢᠴᠢ᠂ ᠮᠣᠩᠭᠣᠯ ᠲᠤᠤᠯᠢ᠂ ᠠᠷᠠᠳ ᠤᠨ ᠳᠠᠭᠤᠤ᠂ ᠡᠬᠡ ᠪᠢᠴᠢᠭ ᠰᠤᠳᠤᠯᠤᠭᠠᠴᠢ ᠤ· ᠵᠠᠭᠳᠠᠰᠦ᠋ᠷᠤᠩ ᠤᠨ ᠮᠡᠨᠳᠦᠯᠡᠭ᠍ᠰᠡᠨ ᠤ 105 ᠵᠢᠯ ᠤᠨ ᠣᠢ ᠳᠤ ᠵᠣᠷᠢᠭᠤᠯᠤᠭᠰᠠᠨ《ᠵᠢᠩᠭᠠᠷ ᠲᠤᠤᠯᠢ᠂ ᠵᠢᠩᠭᠠᠷ ᠰᠤᠳᠤᠯᠤᠯ》 ᠣᠯᠠᠨ ᠤᠯᠤᠰ ᠤᠨ ᠠ᠋ᠷᠳᠡᠮ ᠰᠢᠨᠵᠢᠯᠡᠭᠡᠨ ᠤ ᠬᠤᠷᠠᠯ ᠢ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ᠂ ᠵᠣᠬᠢᠶᠠᠯ ᠤᠨ ᠬᠦᠷᠢᠶᠡᠯᠡᠩ᠂ ᠬᠡᠯᠡᠨ ᠤ ᠪᠣᠳᠣᠯᠭ᠎ᠠ ᠶᠢᠨ ᠦᠨᠳᠦᠰᠦᠨ ᠤ ᠵᠥᠪᠯᠡᠯ᠂ ᠮᠣᠩᠭᠣᠯ ᠤᠨ ᠦᠨᠳᠦᠰᠦᠨ ᠤ ᠮᠦᠽᠧᠶ ᠬᠠᠮᠲᠤᠷᠠᠨ ᠵᠣᠬᠢᠶᠠᠨ ᠪᠠᠢᠭᠤᠯᠤᠯ᠎ᠠ ᠃
ᠮᠣᠩᠭᠣᠯ ᠤᠨ ᠦᠨᠳᠦᠰᠦᠨ ᠤ ᠲᠡᠦᠬᠡ ᠶᠢᠨ ᠮᠦᠽᠧᠢ ᠳᠦ ᠪᠣᠯᠣᠭᠰᠠᠨ ᠲᠤᠰ ᠬᠤᠷᠠᠯ ᠳᠤ ᠬᠢᠲᠠᠳ᠂ ᠣᠷᠣᠰ᠂ ᠪᠦᠬᠦᠳᠠ ᠨᠠᠢᠢᠷᠠᠮᠳᠠᠬᠤ ᠰᠣᠯᠤᠩᠭᠤᠰ ᠤᠯᠤᠰ᠂ ᠦᠽᠪᠧᠺᠰᠲ᠋ᠠᠨ ᠪᠤᠯᠦᠠ ᠮᠣᠩᠭᠣᠯ ᠤᠨ 40 ᠭᠠᠷᠦᠢ ᠡᠷᠳᠡᠮᠲᠡᠨ ᠰᠤᠳᠤᠯᠤᠭᠠᠴᠢᠳ ᠣᠷᠣᠯᠴᠠᠵᠤ ᠰᠤᠳᠤᠯᠤᠭᠠᠴᠢ ᠵᠠᠭᠳᠠᠰᠦ᠋ᠷᠤᠩ ᠤᠨ ᠵᠢᠩᠭᠠᠷ ᠰᠤᠳᠤᠯᠤᠯ ᠳᠤ ᠣᠷᠣᠭᠤᠯᠤᠭᠰᠠᠨ ᠬᠤᠪᠢ ᠨᠡᠮᠡᠷᠢ᠂ ᠮᠤᠢ᠍ᠠ ᠵᠢᠩᠭᠠᠷ ᠰᠤᠳᠤᠯᠤᠯ ᠤᠨ ᠲᠠᠯ᠎ᠠ ᠪᠠᠷ ᠬᠡᠯᠡᠯᠴᠡᠯ᠎ᠡ᠃ ᠠᠮᠠᠨ ᠵᠤᠬᠢᠶᠡᠯ ᠰᠤᠳᠤᠯᠤᠭᠠᠴᠢ ᠤ· ᠵᠠᠭᠳᠠᠰᠦᠷᠦᠩ ᠭᠤᠸᠠᠢ ᠶᠢᠨ ᠭᠣᠣᠯ ᠭᠠᠪᠢᠶ᠎ᠠ ᠨᠢ ᠰᠤᠳᠤᠯᠤᠭᠠᠴᠢᠳ ᠵᠢᠩᠭᠠᠷ ᠤᠨ ᠲᠤᠤᠯᠢ ᠶᠢ ᠵᠥᠪᠬᠡᠨ ᠢᠵᠢᠯ ᠮᠥᠷᠡᠨ ᠤ ᠬᠠᠯᠢᠮᠠᠭ ᠤᠳ ᠤᠨ ᠬᠦᠷᠢᠶᠡᠨ ᠳᠤ ᠣᠢᠯᠠᠭᠠᠵᠤ ᠪᠠᠢᠭᠰᠠᠨ ᠵᠦᠢᠯ ᠢ ᠮᠣᠩᠭᠣᠯ ᠤᠯᠤᠰ ᠤᠨ ᠨᠤᠲᠤᠭ ᠲᠤ ᠲᠠᠲᠠᠨ ᠠᠪᠴᠢᠷᠠᠵᠤ᠂ ᠣᠯᠠᠨ ᠵᠢᠯ ᠥᠪᠡᠷ ᠢᠶᠠᠨ ᠪᠡᠶᠡᠴᠢᠯᠡᠨ ᠶᠠᠪᠤᠵᠤ ᠬᠥᠭᠡᠭᠡᠴᠡᠯᠳᠦᠵᠦ ᠨᠤᠲᠠᠯᠠᠭ᠎ᠠ ᠶᠢ ᠨᠢ ᠭᠠᠷᠭᠠᠵᠤ ᠲᠠᠯᠪᠢᠭ᠌ᠰᠠᠨ᠃ ᠲᠡᠷᠡ ᠪᠡᠷ ᠵᠢᠩᠭᠠᠷ ᠰᠤᠳᠤᠯᠤᠯ ᠢᠶᠠᠷ ᠳᠠᠩᠨᠠᠨ ᠰᠤᠳᠤᠯᠭ᠎ᠠ ᠬᠢᠵᠦ᠂ ᠵᠢᠩᠭᠠᠷ ᠤᠨ ᠲᠤᠤᠯᠢ ᠨᠢ ᠮᠣᠩᠭᠣᠯ ᠳᠤ ᠠᠮᠠᠨ ᠪᠤᠯᠦᠠ ᠪᠢᠴᠢᠭ ᠤᠨ ᠤᠯᠠᠮᠵᠢᠯᠠᠯ ᠢᠶᠠᠷ ᠬᠡᠷᠬᠢᠨ ᠲᠦᠭᠡᠨ ᠳᠡᠯᠭᠡᠷᠡᠭ᠍ᠰᠡᠨ ᠢ ᠨᠢ ᠨᠤᠲᠠᠯᠠᠬᠤ ᠠᠴᠠ ᠭᠠᠳᠡᠨ᠎ᠡ ᠵᠢᠩᠭᠠᠷ ᠰᠤᠳᠤᠯᠤᠯ ᠢᠯᠡᠬᠦᠦ ᠥᠷᠭᠡᠨ ᠬᠦᠷᠢᠶ᠎ᠡ ᠳᠤ ᠬᠥᠭ᠍ᠵᠢᠬᠦ ᠦᠨᠳᠦᠰᠦ ᠰᠠᠭᠤᠷᠢ ᠶᠢ ᠪᠦᠷᠢᠳᠦᠭᠦᠯᠦᠭ᠍ᠰᠡᠨ ᠬᠥᠮᠥᠨ ᠤ ᠨᠢᠭᠡ ᠶᠤᠮ᠃
ᠵᠢᠩᠭᠠᠷ ᠰᠤᠳᠤᠯᠤᠯ ᠠᠷᠪᠠᠨ ᠶᠢᠰᠦᠳᠦᠭᠡᠷ ᠵᠠᠭᠤᠨ ᠤ ᠰᠡᠭᠦᠯᠴᠢ᠂ ᠬᠤᠷᠢᠳᠤᠭᠠᠷ ᠵᠠᠭᠤᠨ ᠤ ᠡᠬᠢᠨ ᠦᠶ᠎ᠡ ᠡᠴᠡ ᠡᠬᠢᠯᠡᠵᠡᠢ᠃ ᠠᠩᠬ᠎ᠠ ᠭᠸᠷᠮᠡᠠ ᠪᠤᠯᠦᠠ ᠣᠷᠤᠰ ᠤᠨ ᠡᠷᠳᠡᠮᠲᠡᠳ ᠢᠵᠢᠯ ᠮᠥᠷᠡᠨ ᠤ ᠬᠠᠪᠢ ᠠᠴᠠ ᠬᠠᠯᠢᠮᠠᠭ ᠤᠨ ᠨᠤᠲᠤᠭ ᠠᠴᠠ ᠵᠢᠩᠭᠠᠷ ᠲᠤᠤᠯᠢ ᠶᠢ ᠣᠯᠵᠤ ᠰᠣᠨᠣᠰᠤᠭᠠᠳ ᠳᠡᠯᠡᠬᠡᠢ ᠳᠤ ᠲᠠᠨᠢᠭᠤᠯᠤᠭᠰᠠᠨ ᠲᠡᠦᠬᠡ ᠲᠠᠢ ᠃ ᠮᠤᠢ᠍ᠠ ᠰᠢᠨᠵᠢᠶᠠᠩ ᠤᠨ ᠣᠢᠷᠠᠳ ᠤᠳ ᠤᠨ ᠳᠤᠮᠳᠠ ᠶᠡᠬᠡᠭᠡᠬᠡᠨ ᠲᠠᠷᠬᠠᠭᠰᠠᠨ ᠢ ᠲᠣᠭᠲᠠᠭᠠᠵᠤ ᠰᠤᠳᠤᠯᠬᠤ ᠠᠵᠢᠯ ᠢ ᠶᠠᠪᠤᠭᠤᠯᠵᠠᠢ᠃ ᠬᠠᠷᠢᠨ ᠮᠠᠨ ᠤ ᠡᠷᠳᠡᠮᠲᠡᠨ ᠰᠤᠳᠤᠯᠤᠭᠠᠴᠢᠳ《ᠵᠢᠩᠭᠠᠷ ᠪᠣᠯ ᠨᠡᠢᠢᠲᠡ ᠮᠣᠩᠭᠣᠯ ᠤᠭᠰᠠᠭᠠᠲᠠᠨ ᠤ ᠪᠠᠭᠠᠲᠤᠷᠯᠢᠭ ᠲᠤᠤᠯᠢ》ᠭᠡᠳᠡᠭ ᠢ ᠰᠤᠳᠤᠯᠤᠨ ᠲᠣᠭᠲᠠᠭᠠᠭᠰᠠᠨ ᠪᠡᠢᠢᠨ᠎ᠡ᠃ ᠵᠢᠩᠭᠠᠷ ᠰᠤᠳᠤᠯᠤᠯ ᠢ ᠤᠯᠠᠮ ᠥᠷᠭᠡᠵᠢᠭᠦᠯᠬᠦ᠂ ᠠᠷᠠᠳ ᠲᠦᠮᠡᠨ ᠤ ᠳᠤᠮᠳᠠ ᠲᠦᠭᠡᠭ᠍ᠰᠡᠨ ᠵᠢᠩᠭᠠᠷ ᠤᠨ ᠲᠤᠤᠯᠢᠰ ᠤᠨ ᠣᠯᠠᠨ ᠶᠠᠩᠵᠤ ᠬᠡᠯᠪᠡᠷᠢ ᠶᠢ ᠣᠯᠵᠤ ᠲᠡᠮᠳᠡᠭ᠍ᠯᠡᠬᠦ᠂ ᠡᠬᠡ ᠪᠢᠴᠢᠪᠦᠷᠢ ᠶᠢ ᠡᠮᠬᠢᠳᠬᠡᠬᠦ ᠵᠡᠷᠭᠡ ᠣᠯᠠᠨ ᠠᠵᠢᠯ ᠬᠢᠬᠦ ᠬᠡᠷᠡᠭ ᠲᠠᠢ ᠪᠠᠢᠭ᠎ᠠ ᠶᠢ ᠡᠷᠳᠡᠮᠲᠡᠳ ᠶᠠᠷᠢᠵᠤ ᠪᠡᠢᠢᠨ᠎ᠡ᠃
ᠰᠢᠨᠵᠢᠯᠡᠬᠦ ᠤᠬᠠᠭᠠᠨ ᠤ ᠠᠻᠠᠳᠧᠮᠢ ᠮᠣᠩᠭᠣᠯ ᠠᠴᠠ ᠣᠯᠳᠠᠭᠰᠠᠨ ᠵᠢᠩᠭᠠᠷ ᠲᠤᠤᠯᠢ ᠶᠢᠨ ᠣᠯᠠᠨ ᠪᠦᠯᠦᠭ ᠦᠨ ᠠᠮᠠᠨ ᠬᠤᠪᠢᠯᠪᠤᠷᠢ ᠶᠢ ᠴᠤᠭᠯᠠᠭᠤᠯᠵᠤ ᠬᠣᠶᠠᠷ ᠤᠳᠠᠭ᠎ᠠ ᠡᠮᠬᠢᠳᠬᠡᠨ ᠭᠠᠷᠭᠠᠭᠰᠠᠨ ᠪᠥᠭᠡᠳ 1963 ᠣᠨ ᠳᠤ ᠡᠷᠳᠡᠮᠲᠡᠨ ᠪᠠᠭ᠌ᠰᠢ ᠲ·ᠳᠦᠭᠦᠷᠰᠦ᠋ᠷᠤᠩ ᠤᠨ《ᠵᠢᠩᠭᠠᠷ》ᠲᠤᠤᠯᠢ ᠶᠢᠨ 13 ᠪᠦᠯᠦᠭ ᠢ ᠬᠠᠯᠢᠮᠠᠭ ᠬᠡᠯᠡᠨ ᠡᠴᠡ ᠣᠷᠴᠢᠭᠤᠯᠤᠨ ᠬᠦᠷᠲᠡᠭᠡᠯ ᠪᠣᠯᠭᠠᠭᠰᠠᠨ ᠢ 2000 ᠣᠨ ᠳᠤ ᠲᠡᠭᠦᠨ ᠤ ᠦᠷ᠎ᠡ ᠬᠡᠦᠬᠡᠳ ᠦᠳ ᠨᠢ 26 ᠪᠦᠯᠦᠭ ᠪᠣᠯᠭᠠᠨ ᠬᠡᠪᠯᠡᠭᠦᠯᠦᠭ᠍ᠰᠡᠨ ᠪᠠᠢᠳᠠᠭ᠃ 《ᠵᠢᠩᠭᠠᠷ》 ᠲᠤᠤᠯᠢ ᠶᠢᠨ ᠪᠦᠯᠦᠭ ᠤᠳ ᠢ ᠪᠦᠷᠢᠠ ᠣᠯᠵᠤ ᠴᠤᠭᠯᠠᠭᠤᠯᠬᠤ᠂ ᠰᠣᠩᠭᠣᠮᠠᠯ ᠡᠬᠡ ᠪᠦᠲᠦᠭᠡᠬᠦ ᠡᠬᠢ ᠶ᠋ᠢ ᠲᠠᠯᠪᠢᠭ᠌ᠰᠠᠨ ᠬᠥᠮᠦᠨ ᠪᠣᠯ ᠡᠷᠳᠡᠮᠲᠡᠨ ᠵᠣᠬᠢᠶᠠᠯᠴᠢ ᠴ· ᠳᠠᠮᠳᠢᠨᠰᠦ᠋ᠷᠦᠩ ᠶᠤᠮ᠃ ᠮᠣᠩᠭᠣᠯ ᠰᠤᠳᠤᠯᠤᠯ ᠤᠨ ᠨᠡᠷᠡᠲᠦ ᠡᠷᠳᠡᠮᠲᠡᠨ ᠪ∙ᠷᠢᠨᠴᠢᠨ ᠥᠪᠡᠷ ᠤᠨ ᠱᠠᠪᠢ ᠲ· ᠭᠠᠯᠰᠠᠩ ᠳᠤ《ᠵᠢᠩᠭᠠᠷ》ᠲᠤᠤᠯᠢ ᠶᠢ ᠡᠮᠬᠢᠳᠬᠡᠨ《ᠮᠣᠩᠭᠣᠯ ᠵᠢᠩᠭᠠᠷ》 ᠤᠨ ᠰᠣᠩᠭᠣᠮᠠᠯ ᠡᠬᠡ ᠶ᠋ᠢ ᠪᠡᠯᠡᠳᠬᠡᠬᠦ ᠳᠠᠭᠠᠭᠠᠯᠭᠠᠪᠤᠷᠢ ᠥᠭ᠍ᠭᠦᠭ᠍ᠰᠡᠨ ᠢ ᠲᠡᠷᠡ ᠪᠡᠶᠡᠯᠡᠭᠦᠯᠵᠦ᠂ 2006 ᠣᠨ ᠳᠤ《ᠮᠣᠩᠭᠣᠯ ᠵᠢᠩᠭᠠᠷ》ᠬᠥᠯᠭᠡᠨ ᠶᠡᠭᠡ ᠰᠤᠳᠤᠷ ᠤᠨ ᠬᠣᠶᠠᠷ ᠪᠣᠳᠢ ᠶᠢ ᠮᠣᠩᠭᠣᠯᠴᠤᠳ ᠲᠤ ᠥᠷᠭᠡᠨ ᠪᠠᠷᠢᠭ᠌ᠰᠠᠨ ᠪᠠᠢᠳᠠᠭ᠃ ᠵᠢᠩᠭᠠᠷ ᠪᠣᠯ ᠤᠯᠤᠰ ᠲᠥᠷᠦ᠂ ᠱᠠᠰᠢᠨ᠂ ᠮᠣᠩᠭᠣᠯ ᠤᠨ ᠠᠬᠤᠶ ᠠᠮᠢᠳᠤᠷᠠᠯ᠂ ᠲᠡᠦᠬᠡ ᠵᠡᠷᠭᠡ ᠪᠦᠬᠦᠢᠯᠡ ᠯᠡ ᠰᠢᠨᠵᠢᠯᠡᠬᠦ ᠤᠬᠠᠭᠠᠨ ᠢ ᠥᠪᠡᠷ ᠲᠤ ᠪᠠᠨ ᠪᠠᠭᠲᠠᠭᠠᠭᠰᠠᠨ ᠢᠷᠠᠭᠤ ᠨᠠᠢᠢᠷᠠᠭ ᠬᠡᠯᠪᠡᠷᠢ ᠪᠡᠷ ᠪᠢᠴᠢᠭ᠍ᠳᠡᠭ᠍ᠰᠡᠨ ᠥᠪ ᠰᠣᠶᠤᠯ ᠤᠨ ᠠᠭᠤᠤ ᠪᠦᠲᠦᠭᠡᠯ ᠶᠤᠮ᠃ ᠰᠡᠭᠦᠯ ᠦᠨ ᠭᠤᠷᠪᠠᠨ ᠵᠢᠯ ᠳᠤ ᠭᠣᠪᠢ ᠠᠯᠲᠠᠢ ᠠᠢᠮᠠᠭ ᠲᠤ 1300 ᠬᠡᠦᠬᠡᠳ ᠲᠤ ᠱᠠᠲᠤ ᠱᠠᠲᠤᠨ ᠤ ᠪᠠᠭ᠌ᠰᠢ ᠨᠠᠷ ᠢᠶᠠᠷ ᠳᠠᠮᠵᠢᠭᠤᠯᠤᠨ ᠵᠢᠩᠭᠠᠷ ᠤᠨ ᠬᠢᠴᠢᠶᠡᠯ ᠣᠷᠣᠵᠤ ᠪᠡᠢᠢᠨ᠎ᠡ᠃ ᠲᠡᠳᠡ ᠤᠯᠤᠰ ᠤᠨ ᠬᠡᠮᠵᠢᠶᠡᠨ ᠤ ᠵᠢᠩᠭᠠᠷ ᠤᠨ ᠠ᠋ᠷᠳᠡᠮ ᠰᠢᠨᠵᠢᠯᠡᠭᠡᠨ ᠤ ᠬᠤᠷᠠᠯ ᠪᠤᠯᠦᠠ ᠬᠠᠢᠯᠠᠯᠲᠠ ᠶᠢ ᠬᠣᠶᠠᠷ ᠤᠳᠠᠭ᠎ᠠ ᠵᠣᠬᠢᠶᠠᠨ ᠪᠠᠢᠭᠤᠯᠵᠠᠢ ᠃
ᠡᠷᠭᠢᠨ ᠰᠠᠨᠠᠭᠤᠯᠬᠤ ᠳᠤ᠂ ᠮᠣᠩᠭᠣᠯ ᠤᠯᠤᠰ ᠤᠨ ᠶᠡᠷᠦᠩᠬᠡᠢᠢᠯᠡᠭ᠍ᠴᠢ ᠮᠣᠩᠭᠣᠯ ᠲᠦᠮᠡᠨ ᠤ ᠪᠠᠬᠠᠷᠬᠠᠯ ᠲᠤ ᠥᠪ ᠰᠤᠶᠦᠯ᠂ ᠦᠶ᠎ᠡ ᠡᠴᠡ ᠦᠶ᠎ᠡ ᠳᠤ ᠤᠯᠠᠮᠵᠢᠯᠠᠭᠳᠠᠨ ᠢᠷᠡᠭ᠍ᠰᠡᠨ ᠠᠮᠠᠨ ᠪᠢᠯᠢᠭ ᠦᠨ ᠡᠬᠡ ᠤᠨᠳᠤᠷᠭ᠎ᠠ ᠪᠣᠯᠣᠭᠰᠠᠨ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ᠂ ᠳᠡᠯᠭᠡᠷᠡᠭᠦᠯᠬᠦ ᠵᠣᠷᠢᠯᠭ᠎ᠠ ᠪᠠᠷ 2019 ᠣᠨ ᠤ ᠨᠢᠭᠡᠳᠦᠭᠡᠷ ᠰᠠᠷ᠎ᠠ ᠶᠢᠨ 29 ᠨᠢ ᠡᠳᠦᠷ《ᠮᠣᠩᠭᠣᠯ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ ᠳᠡᠯᠭᠡᠷᠡᠭᠦᠯᠬᠦ ᠲᠤᠬᠠᠶ》13 ᠳ᠋ᠤᠭᠠᠷ ᠵᠠᠷᠯᠢᠭ ᠭᠠᠷᠭᠠᠭᠰᠠᠨ ᠪᠢᠯᠡ᠃