ᠹᠷᠠᠨᠼᠢ ᠤᠯᠤᠰ ᠤᠨ ᠠᠵᠤ ᠠᠬᠤᠢ ᠶᠢᠨ ᠨᠢᠭᠡᠴᠢ ᠨᠦᠭᠦᠳ ᠦᠨ ᠬᠥᠳᠡᠯᠭᠡᠭᠡᠨ 《 MEDEF》︵Mouvement des Entreprises de France︶ ᠦᠨ ᠳᠡᠷᠭᠡᠳᠡ ᠪᠠᠢᠭᠤᠯᠤᠭᠰᠠᠨ ᠮᠣᠩᠭᠣᠯ ᠹᠷᠠᠨᠼᠢ ᠶᠢᠨ ᠪᠢᠽᠢᠨᠧᠰ ᠦᠨ ᠵᠥᠪᠯᠡᠯ ᠤᠨ ᠶᠡᠷᠦᠩᠬᠡᠢᠢᠯᠡᠭ᠍ᠴᠢ᠂《ᠤᠷᠠᠨᠤ᠋》ᠭᠷᠦ᠋ᠫ ᠦᠨ ᠲᠥᠯᠥᠭᠡᠯᠡᠨ ᠤᠳᠤᠷᠢᠳᠬᠤ ᠵᠦᠪᠯᠡᠯ ᠦᠨ ᠳᠠᠷᠤᠭ᠎ᠠ ᠺᠠᠯᠤᠳ᠋ ᠢᠮᠤᠸᠠᠨ ᠲᠡᠷᠢᠭᠦᠲᠡᠢ ᠹᠷᠠᠨᠼᠢ ᠤᠯᠤᠰ ᠤᠨ 21 ᠺᠣᠮᠫᠠᠨᠢ ᠶᠢᠨ 30 ᠭᠠᠷᠦᠢ ᠲᠥᠯᠦᠭᠡᠯᠡᠯ ᠮᠠᠨ ᠤ ᠤᠯᠤᠰ ᠲᠤ ᠬᠦᠷᠦᠯᠴᠡᠨ ᠢᠷᠡᠭᠡᠳ ᠪᠡᠢᠢᠨ᠎ᠡ ᠃
ᠲᠡᠳᠡ ᠮᠣᠩᠭᠣᠯ ᠤᠨ ᠻᠣᠮᠫᠠᠨᠢ ᠂ ᠠᠵᠤ ᠠᠬᠤᠢ ᠶᠢᠨ ᠨᠢᠭᠡᠴᠢ ᠨᠤᠭᠦᠳ ᠤᠨ ᠲᠥᠯᠥᠭᠡᠯᠡᠯ ᠲᠠᠢ ᠨᠢᠭᠤᠷ ᠲᠤᠯᠤᠨ ᠠᠭᠤᠯᠵᠠᠵᠤ ᠂ ᠬᠠᠮᠲᠤ ᠶ᠋ᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃ ᠠᠭᠤᠯᠵᠠᠯᠲᠠ ᠶᠢᠨ ᠦᠶ᠎ᠡ ᠪᠠᠷ ᠮᠣᠩᠭᠣᠯ ᠤᠯᠤᠰ ᠠᠴᠠ ᠬᠤᠳᠠᠯᠳᠤᠭ᠎ᠠ ᠂ ᠬᠥᠭ᠍ᠵᠢᠯ ᠤᠨ ᠪᠠᠩᠬᠢ ᠹᠷᠠᠨᠼᠢ ᠶᠢᠨ ᠬᠥᠷᠥᠩᠭᠡ ᠣᠷᠤᠭᠤᠯᠤᠯᠲᠠ᠂ ᠰᠠᠩᠬᠦᠦ ᠶᠢᠨ᠂ ᠲᠥᠷᠦ ᠶᠢᠨ ᠥᠮᠴᠢᠲᠦ 《BPIFRANCE》 ᠪᠠᠢᠭᠤᠯᠤᠯᠭ᠎ᠠ ᠲᠠᠢ ᠬᠠᠮᠲᠤ ᠤᠨ ᠠᠵᠢᠯᠯᠠᠭᠠᠨ ᠤ ᠰᠠᠨᠠᠮᠵᠢ ᠪᠢᠴᠢᠭ ᠪᠠᠢᠭᠤᠯᠵᠤ ᠭᠠᠷ ᠤᠨ ᠦᠰᠦᠭ ᠵᠢᠷᠤᠯ᠎ᠠ ᠃