ᠨᠡᠶᠢᠰᠯᠡᠯ ᠦᠨ ᠵᠢᠷᠭᠤᠭᠠᠨ ᠳᠡᠭᠦᠷᠭᠡ ᠳᠦ ᠲᠥᠪᠯᠡᠷᠡᠭᠰᠡᠨ ᠱᠤᠭᠤᠮ ᠳᠤ ᠬᠣᠯᠪᠣᠭᠳᠠᠭᠰᠠᠨ 328 ᠤᠰᠤ ᠲᠦᠭᠡᠭᠡᠭᠦᠷ ᠪᠠᠶᠢᠳᠠᠭ᠃ ᠡᠭᠦᠨ ᠡᠴᠡ 151 ᠶᠢ ᠨᠢ 2016-2022 ᠣᠨ ᠳᠤ ᠠᠦ᠋ᠲ᠋ᠣᠮᠠᠲᠵᠢᠭᠤᠯᠤᠭᠰᠠᠨ᠃ ᠲᠡᠭᠡᠪᠡᠯ 2022 ᠣᠨ ᠤ ᠨᠢᠭᠡᠳᠦᠭᠡᠷ ᠰᠠᠷ᠎ᠠ ᠠᠴᠠ ᠠᠮᠧᠷᠢᠺᠠ ᠶᠢᠨ ᠮᠢᠩᠭᠠᠨ ᠤ ᠰᠣᠷᠢᠯᠲᠠ ᠶᠢᠨ ᠰᠠᠩ ᠤᠨ ᠰᠠᠩᠬᠦᠦᠵᠢᠯᠲᠡ ᠪᠡᠷ ᠦᠨᠳᠦᠰᠦᠨ 180 ᠤᠰᠤ ᠲᠦᠭᠡᠭᠡᠭᠦᠷ ᠢ ᠠᠦ᠋ᠲ᠋ᠣᠮᠠᠲᠵᠢᠭᠤᠯᠬᠤ᠂ ᠲᠣᠨᠣᠭ ᠲᠥᠬᠥᠭᠡᠷᠦᠮᠵᠢ ᠰᠠᠭᠤᠷᠢᠯᠠᠭᠤᠯᠬᠤ ᠠᠵᠢᠯ ᠢ ᠡᠬᠢᠯᠡᠭᠦᠯᠦᠭᠰᠡᠨ ᠪᠥᠭᠡᠳ ᠤᠭ ᠠᠵᠢᠯ ᠥᠨᠥᠳᠥᠷ ᠦᠨ ᠪᠠᠶᠢᠳᠠᠯ ᠢᠶᠠᠷ 90 ᠬᠤᠪᠢ ᠶᠢᠨ ᠭᠦᠢᠴᠡᠳᠬᠡᠯ ᠲᠡᠢ ᠪᠠᠶᠢᠨ᠎ᠠ᠃ ᠡᠨᠡ ᠠᠵᠢᠯ ᠳᠠᠭᠤᠰᠪᠠᠯ ᠤᠯᠠᠭᠠᠨᠪᠠᠭᠠᠲᠤᠷ ᠬᠣᠲᠠ ᠶᠢᠨ ᠬᠡᠮᠵᠢᠶᠡᠨ ᠳᠦ ᠨᠡᠶᠢᠲᠡ 331 ᠤᠰᠤ ᠲᠦᠭᠡᠭᠡᠭᠦᠷ ᠤᠬᠠᠭᠠᠯᠢᠭ᠂ 24 ᠴᠠᠭ ᠤᠨ ᠦᠢᠯᠡᠴᠢᠯᠡᠭᠡᠨ ᠳᠦ ᠰᠢᠯᠵᠢᠬᠦ ᠶᠤᠮ᠃
ᠵᠥᠭᠡᠭᠡᠪᠦᠷᠢ ᠶᠢᠨ ᠠᠦ᠋ᠲ᠋ᠣᠮᠠᠰᠢᠨ ᠢᠶᠠᠷ ᠲᠦᠭᠡᠭᠡᠳᠡᠭ ᠨᠡᠶᠢᠲᠡ 380 ᠣᠷᠴᠢᠮ ᠬᠤᠳᠳᠤᠭ ᠪᠤᠢ᠃ ᠡᠳᠡᠭᠡᠷ ᠢ ᠢᠷᠡᠬᠦ ᠣᠨ ᠠᠴᠠ ᠠᠦ᠋ᠲ᠋ᠣᠮᠠᠲᠵᠢᠭᠤᠯᠬᠤ ᠪᠠᠷ ᠲᠥᠯᠥᠪᠯᠡᠵᠦ ᠪᠠᠶᠢᠭ᠎ᠠ ᠠᠵᠠᠢ᠃