ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠡᠭᠡᠯᠵᠢᠲᠦ ᠶᠡᠬᠡ ᠴᠢᠭᠤᠯᠭᠠᠨ ᠥᠩᠭᠡᠷᠡᠭᠰᠡᠨ ᠳᠣᠯᠣᠭ᠎ᠠ ᠬᠣᠨᠣᠭ ᠲᠤ ᠪᠣᠯᠵᠤ᠂ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠳᠥᠷᠪᠡᠨ ᠬᠦᠮᠦᠨ ᠥᠷᠢᠰᠦᠯᠳᠦᠬᠦ ᠳᠦ ᠮᠠᠲ᠋ᠧᠮᠠᠲ᠋ᠢᠺᠴᠢ ᠰ ∙ ᠳᠡᠮᠪᠡᠷᠢᠯ ᠣᠯᠠᠩᠬᠢ ᠶᠢᠨ ᠰᠠᠨᠠᠯ ᠠᠪᠴᠤ ᠰᠣᠩᠭᠣᠭᠳᠠᠪᠠ᠃
ᠲᠡᠷᠡᠪᠡᠷ 2003 ᠣᠨ ᠳᠤ ᠮᠠᠲ᠋ᠧᠮᠠᠲ᠋ᠢᠺ ᠤᠨ ᠰᠢᠨᠵᠢᠯᠡᠬᠦ ᠤᠬᠠᠭᠠᠨ ᠤ᠂ 2017 ᠣᠨ ᠳᠤ ᠭᠧᠣᠯᠣᠭᠢ ᠮᠢᠨᠧᠷᠠᠯᠤᠭᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠤᠨ ᠵᠡᠷᠭᠡ ᠲᠤᠰ ᠲᠤᠰ ᠬᠠᠮᠠᠭᠠᠯᠠᠭᠰᠠᠨ ᠪᠠᠶᠢᠨ᠎ᠠ᠃ ᠮᠥᠨ 2018 ᠣᠨ ᠳᠤ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠭᠡᠰᠢᠭᠦᠨ ᠪᠣᠯᠤᠭᠰᠠᠨ ᠪᠣᠯ ᠮᠠᠲ᠋ᠧᠮᠠᠲ᠋ᠢᠺ ᠤᠨ ᠬᠦᠷᠢᠶᠡᠯᠡᠩ᠂ ᠣᠳᠣᠨ ᠣᠷᠣᠨ᠂ ᠭᠧᠣᠹᠢᠽᠢᠺ ᠤᠨ ᠰᠤᠳᠤᠯᠭᠠᠨ ᠤ ᠲᠥᠪ ᠲᠦ ᠨᠡᠶᠢᠲᠡ ᠳᠦ ᠪᠡᠨ 13 ᠵᠢᠯ ᠠᠵᠢᠯᠯᠠᠵᠠᠢ᠃