ᠠᠮᠧᠷᠢᠺᠠ ᠶᠢᠨ ᠨᠢᠦ᠋ ᠶᠤᠷᠺ ᠬᠤᠲᠠ ᠳᠤ ᠲᠥᠪ ᠲᠡᠢ 《Tricycle᠄ The Buddhist Review》 ᠰᠡᠳᠬᠦᠯ ᠳᠡᠭᠡᠷ᠎ᠡ 2025 ᠣᠨ ᠤ ᠵᠢᠷᠭᠤᠳᠤᠭᠠᠷ ᠰᠠᠷ᠎ᠠ ᠶᠢᠨ 29 ᠡᠴᠡ ᠳᠣᠯᠣᠳᠤᠭᠠᠷ ᠰᠠᠷ᠎ᠠ ᠶᠢᠨ 13 ᠤ ᠬᠣᠭᠣᠷᠣᠨᠳᠣ 《RetreaTours》 ᠺᠣᠮᠫᠠᠨᠢ ᠶᠢᠨ ᠬᠢᠨ ᠮᠣᠩᠭᠣᠯ ᠳᠤ ᠪᠤᠳ᠋ᠳ᠋ᠾᠠ ᠶᠢᠨ ᠱᠠᠰᠢᠨ ᠤ ᠮᠥᠷᠭᠥᠯ ᠦᠨ ᠠᠶᠠᠯᠠᠯ ᠵᠣᠬᠢᠶᠠᠨ ᠪᠠᠶᠢᠭᠤᠯᠬᠤ ᠲᠤᠬᠠᠢ ᠨᠡᠶᠢᠲᠡᠯᠡᠵᠡᠢ᠃
14 ᠬᠦᠮᠦᠨ ᠬᠠᠮᠤᠷᠤᠭᠤᠯᠬᠤ ᠡᠨᠡ ᠠᠶᠠᠯᠠᠯ ᠤᠨ ᠲᠥᠯᠥᠪᠦᠷᠢ ᠨᠢᠭᠡ ᠬᠦᠮᠦᠨ ᠦ 8999 ᠳ᠋ᠣᠯᠯᠠᠷ ᠠᠵᠠᠢ᠃ ᠲᠤᠰ ᠺᠣᠮᠫᠠᠨᠢ 2025 ᠣᠨ ᠤ ᠬᠣᠶᠠᠳᠤᠭᠠᠷ ᠰᠠᠷ᠎ᠠ ᠳᠤ ᠡᠨᠡᠳᠬᠡᠭ᠂ ᠪᠠᠯᠪᠤ︵ᠨᠧᠫᠠᠯ︶᠂ ᠲᠠᠪᠤᠳᠤᠭᠠᠷ ᠰᠠᠷ᠎ᠠ ᠳᠤ ᠡᠨᠡᠳᠬᠡᠭ ᠦᠨ ᠯᠠᠳᠠᠭ ᠤᠷᠤᠭᠤ ᠮᠥᠨ ᠡᠶᠢᠮᠦ ᠠᠶᠠᠯᠠᠯ ᠬᠢᠨ᠎ᠡ᠃ 2012 ᠣᠨ ᠳᠤ ᠪᠠᠶᠢᠭᠤᠯᠤᠭᠳᠠᠭᠰᠠᠨ《RetreaTours》ᠺᠣᠮᠫᠠᠨᠢ ᠨᠢ ᠪᠠᠶᠢᠭᠠᠯᠢ ᠳᠤ ᠡᠭᠡᠯᠢᠲᠡᠢ᠂ ᠮᠥᠷᠭᠥᠯ᠂ ᠶᠤᠭ᠎ᠠ᠂ ᠪᠢᠰᠢᠯᠭᠠᠯ ᠤᠨ ᠪᠣᠯᠤᠨ ᠳᠡᠯᠡᠬᠡᠢ ᠶᠢ ᠲᠣᠭᠣᠷᠢᠭᠰᠠᠨ ᠠᠶᠠᠯᠠᠯ ᠵᠣᠬᠢᠶᠠᠨ ᠪᠠᠶᠢᠭᠤᠯᠳᠠᠭ᠃
Нэргүй 2024-10-22 66.181.186.113
ᠮᠡᠳᠡᠭᠡ ᠤᠩᠰᠢᠬᠤ ᠭᠡᠬᠦᠯᠡᠷ ᠬᠠᠭᠤᠳᠠᠰᠤ ᠨᠢ ᠬᠠᠵᠠᠭᠤ ᠲᠡᠢᠢᠰᠢ ᠪᠡᠨ ᠭᠦᠶᠦᠭᠡᠳ ᠪᠠᠢᠢᠬᠤ ᠶᠤᠮ ᠃ ᠡᠨᠡ ᠠᠯᠳᠠᠭ᠎ᠠ ᠪᠠᠨ ᠵᠠᠰᠠᠭᠠᠳ ᠥᠭᠭᠦᠨ᠎ᠡ ᠦᠦ ᠃