ᠳᠠᠷᠬᠠᠨ ᠠᠭᠤᠯᠠ ᠠᠢᠮᠠᠭ ᠤᠨ ᠵᠠᠰᠠᠭ ᠳᠠᠷᠤᠭ᠎ᠠ ᠶᠢᠨ ᠨᠡᠷᠡᠮᠵᠢᠲᠦ ᠣᠨ ᠤ ᠰᠢᠯᠢᠳᠡᠭ ᠰᠢᠯᠦᠭ ᠰᠢᠯᠭᠠᠷᠠᠭᠤᠯᠬᠤ 《 ᠭᠠᠯ ᠦᠳᠦ 》 ᠢᠷᠠᠭᠤ ᠨᠠᠢᠢᠷᠠᠭ ᠤᠨ ᠨᠠᠭᠠᠳᠤᠮ ᠪᠣᠯᠣᠯ᠎ᠠ ᠃ ᠡᠬᠢᠨ ᠤ ᠱᠠᠲᠤᠨ ᠤ ᠰᠢᠯᠭᠠᠷᠠᠭᠤᠯᠤᠯᠲᠠ ᠳᠤ 21 ᠠᠢᠮᠠᠭ ᠤᠨ 50 ᠭᠠᠷᠦᠢ ᠢᠷᠠᠭᠤ ᠨᠠᠢᠢᠷᠠᠭ᠌ᠴᠢ ᠰᠢᠯᠦᠭ ᠢᠷᠡᠭᠦᠯᠦᠭ᠍ᠰᠡᠨ ᠡᠴᠡ ᠬᠤᠶᠠᠳᠠᠬᠢ ᠱᠠᠲᠤᠨ ᠳᠤ 20 ᠢᠷᠠᠭᠤ ᠨᠠᠢᠢᠷᠠᠭ᠌ᠴᠢ ᠲᠤᠨᠤᠵᠤ ᠦᠯᠡᠳᠡᠭ᠍ᠰᠡᠨ ᠪᠡᠢᠢᠨ᠎ᠡ ᠃
《 ᠭᠠᠯ ᠦᠳᠦ 》ᠢᠷᠠᠭᠤ ᠨᠠᠢᠢᠷᠠᠭ ᠤᠨ ᠨᠠᠭᠠᠳᠤᠮ ᠤᠨ ᠰᠡᠭᠦᠯ ᠦᠨ ᠱᠠᠲᠤᠨ ᠳᠤ ᠲᠠᠪᠤᠨ ᠢᠷᠠᠭᠤ ᠨᠠᠢᠢᠷᠠᠭ᠌ᠴᠢ ᠰᠢᠯᠭᠠᠷᠠᠭᠰᠠᠨ ᠡᠴᠡ ᠲᠡᠷᠢᠬᠦᠠ ᠪᠠᠢᠷᠢ ᠳᠤ ᠯ·ᠮᠥᠩᠬᠡᠪᠠᠭᠠᠲᠤᠷ ᠂ ᠳᠡᠳ᠋ ᠪᠠᠢᠷᠢ ᠳᠤ ᠭᠣᠪᠢ ᠠᠯᠲᠠᠢ ᠠᠢᠮᠠᠭ ᠤᠨ ᠢᠷᠠᠭᠤ ᠨᠠᠢᠢᠷᠠᠭ᠌ᠴᠢ ᠪ ∙ ᠭᠠᠩᠬᠦ᠋ᠷᠡᠯ ᠂ ᠭᠤᠲᠠᠭᠠᠷ ᠪᠠᠢᠷᠢ ᠳᠤ ᠮᠦᠨ ᠭᠣᠪᠢ ᠠᠯᠲᠠᠢ ᠠᠢᠮᠠᠭ ᠤᠨ ᠢᠷᠠᠭᠤ ᠨᠠᠢᠢᠷᠠᠭ᠌ᠴᠢ ᠰᠦᠬᠡᠪᠠᠭᠠᠲᠤᠷ ᠲᠣᠳᠣᠷᠠᠯ᠎ᠠ ᠃