ᠪᠦᠬᠦᠳᠠ ᠨᠠᠢᠢᠷᠠᠮᠳᠠᠬᠤ ᠰᠣᠯᠤᠩᠭᠤᠰ ᠤᠯᠤᠰ ᠤᠨ ᠴᠧᠵᠤ ᠬᠣᠲᠠ ᠳᠤ ᠵᠣᠬᠢᠶᠠᠨ ᠪᠠᠢᠭᠤᠯᠵᠤ ᠪᠠᠢᠭ᠎ᠠ 《 ᠲᠠᠮᠨᠠ》ᠣᠯᠠᠨ ᠤᠯᠤᠰ ᠤᠨ ᠰᠣᠶᠤᠯ ᠤᠨ ᠦᠵᠡᠭᠦᠯᠭᠡ ᠳᠤ ᠨᠠᠢᠢᠷᠠᠭᠤᠯᠤᠭ᠌ᠴᠢ ᠨ· ᠨᠠᠷᠠᠨᠪᠠᠭᠠᠲᠤᠷ ᠤᠨ ᠨᠡᠷᠡᠮᠵᠢᠲᠦ ᠪᠤᠯᠠᠭᠠᠨ ᠠᠢᠮᠠᠭ ᠤᠨ ᠬᠥᠭ᠍ᠵᠢᠮᠲᠦ ᠵᠦᠴᠦᠭᠡ ᠶᠢᠨ ᠲᠢᠶᠠᠲᠷ ᠤᠨ ᠤᠷᠠᠨ ᠪᠦᠲᠦᠭᠡᠯᠴᠢᠳ ᠣᠷᠣᠯᠴᠠᠵᠤ ᠪᠡᠢᠢᠨ᠎ᠡ ᠃《ᠲᠠᠮᠨᠠ》 ᠳᠤ ᠳᠡᠯᠡᠬᠡᠢ ᠶᠢᠨ ᠤᠯᠤᠰ ᠣᠷᠣᠨ ᠨᠤᠭᠤᠳ ᠥᠪᠡᠷᠰᠡᠳ ᠦᠨ ᠦᠨᠳᠦᠰᠦᠨ ᠤ ᠶᠣᠰᠣ ᠵᠠᠩᠰᠢᠯ ᠂ ᠤᠷᠠᠯᠢᠭ ᠤᠷᠠᠨ ᠰᠠᠢᠬᠠᠨ ᠤ ᠥᠪ ᠰᠣᠶᠣᠯ ᠢᠶᠠᠨ ᠰᠤᠷᠲᠠᠯᠴᠢᠯᠠᠨ ᠲᠠᠨᠢᠯᠴᠠᠭᠤᠯᠳᠠᠭ ᠃
ᠡᠨᠡ ᠦᠵᠡᠭᠦᠯᠭᠡ ᠶᠢ 1961 ᠣᠨ ᠠᠴᠠ ᠬᠤᠢᠢᠰᠢ 63 ᠤᠳᠠᠭ᠎ᠠ ᠵᠣᠬᠢᠶᠠᠨ ᠪᠠᠢᠭᠤᠯᠵᠤ ᠪᠠᠢᠭ᠎ᠠ ᠪᠥᠭᠡᠳ ᠮᠣᠩᠭᠣᠯ ᠤᠯᠤᠰ ᠭᠤᠷᠪᠠᠳᠠᠬᠢ ᠤᠳᠠᠭ᠎ᠠ ᠪᠠᠨ ᠣᠷᠣᠯᠴᠠᠵᠤ ᠪᠡᠢᠢᠨ᠎ᠡ ᠃ ᠵᠢᠷᠠᠨ ᠬᠤᠶᠠᠳᠠᠬᠢ ᠤᠳᠠᠭ᠎ᠠ ᠶᠢᠨ 《 ᠲᠠᠮᠨᠠ》 ᠳᠤ ᠳ· ᠳ᠋ᠠᠨᠽᠠᠨᠷᠠᠪᠵᠠᠢ ᠶᠢᠨ ᠨᠡᠷᠡᠮᠵᠢᠲᠦ ᠳᠣᠷᠤᠨᠠᠭᠣᠪᠢ ᠠᠢᠮᠠᠭ ᠤᠨ 《 ᠰᠠᠷᠠᠨ ᠬᠦᠬᠦᠭᠡ》 ᠲᠢᠶᠠᠲᠷ ᠤᠨ 15 ᠤᠷᠠᠨ ᠪᠦᠲᠦᠭᠡᠯᠴᠢ ᠣᠷᠣᠯᠴᠠᠭᠰᠠᠨ ᠪᠠᠢᠳᠠᠭ ᠃