ᠨ· ᠴᠡᠪᠡᠭ᠍ᠨᠢᠮ᠎ᠠ ᠥᠪᠡᠷ ᠤᠨ ᠳᠡᠪᠵᠢᠶ᠎ᠡ ᠪᠡᠨ ᠨᠡᠭᠡᠭᠡᠵᠡᠢ | News.MN

ᠨ· ᠴᠡᠪᠡᠭ᠍ᠨᠢᠮ᠎ᠠ ᠥᠪᠡᠷ ᠤᠨ ᠳᠡᠪᠵᠢᠶ᠎ᠡ ᠪᠡᠨ ᠨᠡᠭᠡᠭᠡᠵᠡᠢ

ᠮᠡᠷᠭᠡᠵᠢᠯ ᠤᠨ ᠰᠦᠮᠣ᠋ ᠪᠥᠬᠡ ᠶ᠋ᠢᠨ  ᠰᠧᠺᠢᠸᠠᠺᠧ  ᠪᠠᠢᠭᠰᠠᠨ  ᠨ· ᠴᠡᠪᠡᠭ᠍ᠨᠢᠮ᠎ᠠ︽ ᠤᠤᠰᠢᠮᠠ︾ ᠬᠡᠮᠡᠬᠦ ᠰᠢᠨ᠎ᠡ ᠳᠡᠪᠵᠢᠶ᠎ᠡ ᠪᠡᠨ ᠲᠤᠤᠺᠢᠣ᠋ ᠬᠣᠲᠠ ᠶᠢᠨ  ᠺᠠᠴᠤᠰᠢᠺᠠ ᠲᠡᠭᠦᠷᠭᠡ ᠶᠢᠨ ᠤᠲ᠋ᠤ᠋ ᠳᠤ ᠨᠡᠭᠡᠭᠡᠵᠡᠢ ᠃ ᠲᠡᠷᠡ ᠪᠡᠷ ᠨᠡᠭᠡᠭᠡᠯᠲᠡ ᠶᠢᠨ ᠶᠣᠰᠣᠯᠠᠯ ᠤᠨ ᠦᠶ᠎ᠡ ᠪᠠᠷ ᠶᠠᠷᠢᠬᠤ ᠳᠤ ᠪᠠᠨ ᠄ ᠣᠳᠤ ᠯᠡ ᠨᠢᠭᠡ ᠳᠡᠪᠵᠢᠶ᠎ᠡ ᠡᠵᠡᠮᠰᠢᠭ᠍ᠰᠡᠨ ᠤᠶᠠᠺᠠᠲ᠋ᠠ ᠵᠢᠩᠬᠢᠨᠢ ᠤᠳᠬ᠎ᠠ ᠪᠡᠷ ᠪᠣᠯᠣᠯ᠎ᠠ ᠃ ᠪᠡᠶᠡᠷ ᠲᠠᠢ ᠪᠡᠢᠢᠨ᠎ᠡ ᠃ ᠠ᠋ᠭᠡᠨᠡᠷ ᠂ ᠭᠤᠷᠪᠠᠨ ᠬᠡᠦᠬᠡᠳ ᠮᠠᠨᠢ ᠴᠤ ᠡᠨᠡ ᠪᠠᠢᠷᠢᠨ ᠳᠤ ᠠᠮᠢᠳᠤᠷᠠᠨ᠎ᠠ ᠃ ᠭᠣᠣᠯ ᠠᠨᠭ᠍ᠬᠠᠷᠬᠤ ᠵᠦᠢᠯ ᠨᠢ ᠰᠢᠨ᠎ᠡ ᠂ ᠵᠠᠯᠠᠭᠤ ᠪᠥᠬᠡᠴᠦᠳ ᠪᠠᠢᠯ᠎ᠠ ᠃ ᠲᠡᠳᠡᠨ ᠤ ᠥᠷᠥᠭᠡ ᠶᠢ ᠭᠡᠷ ᠤᠨ ᠢᠶᠠᠨ ᠥᠷᠦᠭᠡᠨ ᠤ ᠬᠠᠵᠠᠭᠤᠬᠠᠨ ᠳᠤ ᠪᠠᠢᠢᠷᠢᠯᠠᠭᠤᠯᠤᠭᠰᠠᠨ ᠃ ᠠᠪᠤ ᠂ ᠡᠵᠢ ᠡᠴᠡ ᠨᠢ ᠬᠡᠦᠬᠡᠳ ᠢ ᠨᠢ ᠰᠦᠮᠣᠴᠢ ᠪᠣᠯᠭᠠᠨ᠎ᠠ ᠭᠡᠳ ᠠᠪᠤᠭᠰᠠᠨ ᠤ ᠬᠢ᠂ ᠰᠠᠢᠨ ᠬᠠᠷᠠᠵᠤ ᠬᠠᠨᠳᠤᠬᠤ ᠦᠭᠡᠢ ᠪᠣᠯ ᠪᠣᠯᠬᠤ ᠦᠭᠡᠢ ᠃ ᠨᠠᠰᠤᠨ ᠳᠤ ᠬᠦᠷᠦᠬᠡ‍ᠡ᠋ ᠦᠭᠡᠢ ᠬᠡᠦᠬᠡᠳ ᠴᠤ ᠪᠤᠢ ᠃ ᠳᠡᠪᠵᠢᠶ᠎ᠡ ᠭᠡᠳᠡᠭ ᠪᠣᠯ ᠨᠢᠭᠡ ᠭᠡᠷ ᠪᠦᠯᠢ ᠭᠡᠵᠡᠢ ᠃

《 ᠤᠤᠰᠢᠮᠠ 》 ᠳᠡᠪᠵᠢᠶᠡᠨ ᠳᠤ ᠣᠳᠤ ᠪᠠᠷ ᠴᠣᠯᠠ ᠲᠠᠢ ᠪᠥᠬᠡ ᠪᠠᠢᠢᠬᠤ ᠦᠭᠡᠶ ᠃ ᠲᠡᠭᠡᠳᠦ  ᠵᠢᠨᠳᠠᠭᠠᠨ ᠳᠤ ᠪᠠᠷᠢᠯᠳᠤᠵᠤ ᠂ ᠲᠤᠰᠬᠠᠶ ᠱᠠᠩᠨᠠᠯ ᠠᠪᠴᠤ ᠪᠠᠢᠭᠰᠠᠨ  ᠮᠣᠩᠭᠣᠯ ᠤᠨ  ᠱ· ᠳᠠᠯᠠᠢᠪᠠᠭᠠᠲᠤᠷ ᠭᠡᠰᠡᠨ ᠪᠥᠬᠡ ᠲᠠᠢ ᠃

 

ᠰᠡᠳᠬᠢᠭᠳᠡᠯ ᠦᠯᠡᠳᠡᠭᠡᠬᠦ