ᠬᠥᠭ᠍ᠵᠢᠯ ᠤᠨ ᠪᠠᠩᠬᠢ ᠨᠢ ᠮᠣᠩᠭᠣᠯ ᠤᠯᠤᠰ ᠤᠨ 100 ᠬᠤᠪᠢ ᠲᠥᠷᠦ ᠶᠢᠨ ᠥᠮᠴᠢᠲᠦ ᠪᠣᠳᠣᠯᠭ᠎ᠠ ᠶᠢᠨ ᠪᠠᠩᠬᠢ ᠪᠥᠭᠡᠳ ᠬᠥᠭ᠍ᠵᠢᠯ ᠤᠨ ᠪᠤᠯᠦᠠ ᠡᠺᠰᠫᠣᠷᠲ ᠢᠮᠫᠣᠷᠲ ᠤᠨ ᠪᠠᠩᠬᠢᠨ ᠤ ᠡᠭᠦᠷᠭᠡ ᠶᠢ ᠬᠡᠷᠡᠭ᠍ᠵᠢᠭᠦᠯᠳᠡᠭ ᠴᠣᠷ ᠤᠨ ᠭᠠᠭᠴᠠ ᠪᠠᠩᠬᠢ ᠲᠤᠯᠠ ᠵᠢᠭᠡᠯᠡᠬᠦ ᠵᠡᠷᠭᠡᠯᠡᠯ ᠢ ᠮᠣᠩᠭᠣᠯ ᠤᠯᠤᠰ ᠤᠨ ᠵᠡᠷᠭᠡᠯᠡᠯ ᠲᠠᠢ ᠲᠡᠩᠴᠡᠭᠦᠯᠦᠨ ᠲᠤᠭᠲᠠᠭᠠᠳᠠᠭ ᠃
ᠣᠯᠠᠨ ᠤᠯᠤᠰ ᠤᠨ ᠵᠢᠭᠡᠯᠡᠬᠦ ᠵᠡᠷᠭᠡᠯᠡᠯ ᠲᠣᠭᠲᠠᠭᠠᠭ᠌ᠴᠢ S&P Global ᠮᠣᠩᠭᠣᠯ ᠤᠯᠤᠰ ᠤᠨ ᠬᠥᠭ᠍ᠵᠢᠯ ᠤᠨ ᠪᠠᠩᠬᠢᠨ ᠤ ᠤᠷᠲᠤ ᠬᠤᠭᠤᠴᠠᠭᠠᠨ ᠤ ᠵᠢᠭᠡᠯᠡᠬᠦ ᠵᠡᠷᠭᠡᠯᠡᠯ ᠢ ᠠᠷᠪᠠᠳᠤᠭᠠᠷ ᠰᠠᠷ᠎ᠠ ᠶᠢᠨ 4 ᠳᠦ B+ ᠪᠣᠯᠭᠠᠨ ᠥᠰᠬᠡᠵᠦ ᠂ ᠵᠡᠷᠭᠡᠯᠡᠯ ᠦᠨ ᠬᠡᠲᠦ ᠶᠢᠨ ᠲᠥᠯᠥᠪ ᠢ ᠡᠶᠡᠷᠭᠦ ᠭᠡᠵᠦ ᠦᠨᠡᠯᠡᠯ᠎ᠡ ᠃ ᠮᠤᠢ᠍ᠠ ᠪᠠᠩᠬᠢᠨ ᠤ ᠪᠣᠭᠣᠨᠢ ᠬᠤᠭᠤᠴᠠᠭᠠᠨ ᠤ ᠵᠢᠭᠡᠯᠡᠬᠦ ᠵᠡᠷᠭᠡᠯᠡᠯ ᠢ B ᠲᠦᠪᠰᠢᠨ ᠳᠦ ᠪᠠᠲᠤᠯᠭᠠᠵᠢᠭᠤᠯᠪᠠ ᠃
ᠲᠡᠭᠦᠨᠴᠢᠯᠡᠨ ᠬᠥᠭ᠍ᠵᠢᠯ ᠤᠨ ᠪᠠᠩᠬᠢ ᠨᠢ ᠵᠠᠰᠠᠭ ᠤᠨ ᠭᠠᠵᠠᠷ ᠤᠨ ᠡᠵᠡᠮᠰᠢᠯ ᠳᠤ ᠪᠠᠢᠭ᠎ᠠ ᠶᠢᠨ ᠬᠤᠪᠢ ᠳᠤ ᠱᠠᠭᠠᠷᠳᠠᠯᠭ᠎ᠠ ᠲᠠᠢ ᠲᠣᠬᠢᠶᠠᠯᠳᠤᠯ ᠳᠤ ᠣᠨᠴᠠᠭᠠᠢ ᠳᠡᠮᠵᠢᠯᠭᠡ ᠠᠪᠬᠤ ᠦᠡᠳᠦᠷ ᠮᠠᠭᠠᠳᠯᠠᠯ ᠲᠠᠢ ᠶᠢ S&P Global ᠳᠤᠷᠠᠳᠤᠭᠠᠳ ᠬᠥᠭ᠍ᠵᠢᠯ ᠤᠨ ᠪᠠᠩᠬᠢ ᠨᠢ ᠮᠣᠩᠭᠣᠯ ᠤᠯᠤᠰ ᠤᠨ ᠡᠳ᠋ ᠦᠨ ᠵᠠᠰᠠᠭ ᠤᠨ ᠥᠰᠦᠯᠲᠡ ᠂ ᠲᠣᠭᠲᠠᠪᠤᠷᠢᠲᠠᠶ ᠪᠠᠢᠳᠠᠯ ᠢ ᠦᠷᠭᠦᠯᠵᠢᠯᠡᠭᠦᠯᠦᠨ ᠳᠡᠮᠵᠢᠬᠦ ᠬᠦᠯᠢᠶᠡᠯᠲᠡ ᠲᠠᠢ ᠪᠠᠢᠭ᠎ᠠ ᠶᠢ ᠣᠨᠴᠠᠯᠠᠵᠠᠢ ᠃