ᠬᠢᠲᠠᠳ ᠤᠨ ᠬᠠᠷᠪᠢᠨ ᠬᠣᠲᠠᠨ᠎ᠠ ᠢᠷᠡᠬᠦ ᠣᠨ ᠤ ᠬᠣᠶᠠᠳᠤᠭᠠᠷ ᠰᠠᠷ᠎ᠠ ᠶᠢᠨ 7-14 ᠤ ᠡᠳᠦᠷ ᠤᠳ ᠲᠤ ᠪᠣᠯᠬᠤ ᠠᠽᠢᠶ᠎ᠠ ᠶᠢᠨ ᠡᠪᠦᠯ ᠤᠨ ᠰᠫᠣᠷᠲ ᠤᠨ ᠶᠢᠰᠦᠳᠦᠭᠡᠷ ᠨᠠᠭᠠᠳᠤᠮ ᠳᠤ ᠮᠠᠨ ᠤ ᠤᠯᠤᠰ ᠠᠴᠠ 80 ᠭᠠᠷᠦᠢ ᠲᠠᠮᠢᠷᠴᠢᠳ ᠣᠷᠣᠯᠴᠠᠬᠤ ᠪᠠᠷ ᠪᠡᠯᠡᠳᠬᠡᠯ ᠢᠶᠡᠨ ᠬᠠᠩᠭᠠᠵᠤ ᠪᠠᠢᠭ᠎ᠠ ᠶᠢ ᠮᠣᠩᠭᠣᠯ ᠤᠨ ᠦᠨᠳᠦᠰᠦᠨ ᠤ ᠤᠯᠢᠮᠫᠢᠺ ᠤᠨ ᠬᠣᠷᠢᠶᠠᠨ ᠠᠴᠠ ᠮᠡᠳᠡᠭᠡᠯᠡᠪᠡ ᠃
ᠳᠥᠷᠪᠡᠨ ᠵᠢᠯ ᠳᠤ ᠨᠢᠭᠡ ᠤᠳᠠᠭ᠎ᠠ ᠪᠣᠯᠳᠠᠭ ᠨᠠᠭᠠᠳᠤᠮ ᠳᠤ ᠮᠠᠨ ᠤ ᠲᠠᠮᠢᠷᠴᠢᠳ ᠲᠡᠰᠢᠭᠦᠷ ᠂ ᠱᠤᠷᠲᠤ ᠲᠷᠡᠺ᠂ ᠤᠷᠠᠨ ᠭᠤᠯᠭᠤᠯᠲᠠ ᠂ ᠬᠣᠺᠺᠧᠢ᠂ ᠺᠶᠤᠷᠯᠢᠨ᠂ ᠴᠠᠨ᠎ᠠ᠂ ᠠᠭᠤᠯᠠ ᠶᠢᠨ ᠴᠠᠨ᠎ᠠ ᠂ ᠰᠨᠦ᠋ᠪᠤᠷᠳ᠋᠂ ᠪᠢᠶᠠᠲᠯᠤᠨ ᠤ ᠲᠥᠷᠥᠯ ᠳᠤ ᠤᠷᠦᠯᠴᠡᠬᠤ ᠭᠡᠵᠦ ᠪᠡᠢᠢᠨ᠎ᠡ ᠃《ᠬᠠᠷᠪᠢᠨ – 2025》ᠡᠪᠦᠯ ᠤᠨ ᠨᠠᠭᠠᠳᠤᠮ ᠨᠢ ᠵᠢᠷᠭᠤᠭᠠᠨ ᠰᠫᠣᠷᠲ ᠤᠨ 11 ᠲᠥᠷᠥᠯ ᠤᠨ 64 ᠵᠠᠢ ᠠᠩᠭᠢᠯᠠᠯ ᠳᠤ ᠪᠣᠯᠵᠤ ᠂ 34 ᠣᠷᠣᠨ ᠤ ᠪᠠᠭ ᠲᠠᠮᠢᠷᠴᠢᠳ ᠥᠷᠢᠰᠦᠯᠳᠦᠨ᠎ᠡ ᠃