ᠶᠠᠫᠤᠨ ᠤᠯᠤᠰ ᠠᠴᠠ ᠮᠣᠩᠭᠣᠯ ᠳᠤ ᠦᠵᠡᠭᠦᠯᠬᠦ ᠡᠭᠡᠯᠵᠢᠲᠦ ᠲᠤᠰᠠᠯᠠᠮᠵᠢ ᠶᠠᠭᠤ ᠪᠤᠢ | News.MN

ᠶᠠᠫᠤᠨ ᠤᠯᠤᠰ ᠠᠴᠠ ᠮᠣᠩᠭᠣᠯ ᠳᠤ ᠦᠵᠡᠭᠦᠯᠬᠦ ᠡᠭᠡᠯᠵᠢᠲᠦ ᠲᠤᠰᠠᠯᠠᠮᠵᠢ ᠶᠠᠭᠤ ᠪᠤᠢ

ᠶᠠᠫᠤᠨ ᠤᠯᠤᠰ ᠤᠨ ᠵᠠᠰᠠᠭ ᠤᠨ ᠭᠠᠵᠠᠷ ᠤᠨ ᠪᠤᠴᠠᠯᠲᠠ ᠦᠭᠡᠢ ᠲᠤᠰᠠᠯᠠᠮᠵᠢ ᠪᠠᠷ《ᠲᠡᠮᠦᠷ ᠵᠠᠮ ᠤᠨ ᠠᠴᠢᠶ᠎ᠠ ᠲᠡᠭᠡᠭᠡᠪᠦᠷᠢ ᠶᠢ ᠰᠠᠢᠢᠵᠢᠷᠠᠭᠤᠯᠬᠤ 》᠂ 《ᠴᠢᠩᠭᠢᠰ ᠬᠠᠭᠠᠨ》ᠦᠨᠳᠦᠰᠦᠨ ᠤ ᠮᠦᠽᠧᠢ ᠳᠦ ᠰᠤᠷᠭᠠᠯᠲᠠ ᠶᠢᠨ ᠲᠣᠨᠣᠭ ᠲᠥᠬᠦᠭᠡᠷᠦᠮᠵᠢ ᠨᠡᠢᠢᠯᠡᠬᠦᠯᠬᠦ ᠲᠥᠰᠥᠯ ᠬᠡᠷᠡᠭ᠍ᠵᠢᠭᠦᠯᠬᠦ ᠪᠡᠷ ᠪᠣᠯᠣᠯ᠎ᠠ ᠃

ᠡᠭᠦᠨ ᠦ ᠳᠠᠭᠠᠤ ᠨᠢᠭᠡ ᠲᠡᠷᠪᠤᠮ 560 ᠰᠠᠶ᠎ᠠ ᠶᠧᠨ ᠦ ᠬᠥᠷᠥᠩᠭᠡ ᠪᠡᠷ ᠵᠠᠮ ᠤᠨ ᠡᠭᠦᠳᠡ ᠪᠣᠭᠤᠮᠲᠠ ᠶᠢᠨ ᠰᠢᠯᠵᠢᠭᠦᠯᠦᠨ ᠠᠴᠢᠬᠤ ᠬᠣᠶᠠᠳᠤᠭᠠᠷ ᠪᠠᠢᠭᠤᠯᠤᠮᠵᠢ ᠳᠤ ᠠᠴᠢᠶ᠎ᠠ ᠵᠥᠭᠡᠭᠡᠬᠦ ᠲᠠᠪᠴᠠᠩ ᠢ ᠨᠡᠮᠡᠵᠦ ᠪᠠᠷᠢᠭᠠᠳ ᠺᠣᠨ᠋ᠲ᠋ᠧᠢᠢᠨᠧᠷ ᠡᠷᠭᠦᠭ᠍ᠴᠢ ᠵᠡᠷᠭᠡ ᠲᠣᠨᠣᠭ ᠲᠥᠬᠥᠭᠡᠷᠦᠮᠵᠢ  ᠨᠡᠢᠢᠯᠡᠬᠦᠯᠬᠦ᠂ ᠵᠠᠮ ᠤᠨ ᠡᠭᠦᠳᠡ ᠤᠯᠠᠭᠠᠨᠪᠠᠭᠠᠲᠤᠷ ᠴᠢᠭ᠍ᠯᠡᠯ ᠦᠨ ᠲᠡᠮᠦᠷ ᠵᠠᠮ ᠤᠨ ᠣᠭᠴᠤᠮ ᠡᠷᠭᠢᠯᠲᠡ ᠪᠦᠬᠦᠢ ᠬᠡᠰᠡᠭ ᠤᠳ ᠲᠤ ᠲᠡᠮᠦᠷ ᠵᠠᠮ ᠤᠨ ᠳᠡᠷ᠎ᠡ ᠶᠢᠨ ᠪᠡᠬᠢᠯᠡᠭᠡ ᠬᠢᠨ᠎ᠡ᠃ ᠢᠩᠭᠢᠭ᠍ᠰᠡᠨ ᠢᠶᠡᠷ ᠲᠡᠮᠦᠷ ᠵᠠᠮ ᠤᠨ ᠰᠢᠯᠵᠢᠭᠦᠯᠦᠨ ᠠᠴᠢᠬᠤ ᠬᠦᠴᠦᠨ ᠴᠢᠳᠡᠯ ᠨᠡᠮᠡᠭ᠍ᠳᠡᠵᠦ ᠂ ᠠᠴᠢᠶ᠎ᠠ ᠲᠡᠭᠡᠭᠡᠪᠦᠷᠢᠯᠡᠯᠲᠡ ᠶᠢᠨ ᠠᠶᠤᠯᠭᠦᠢ ᠪᠠᠢᠢᠳᠠᠯ ᠰᠠᠢᠵᠢᠷᠠᠨ᠎ᠠ ᠃

《ᠴᠢᠩᠭᠢᠰ ᠬᠠᠭᠠᠨ 》ᠮᠦᠽᠧᠢ ᠳᠦ 97.5 ᠰᠠᠶ᠎ᠠ ᠶᠧᠨ ᠦ ᠰᠣᠶᠤᠯ ᠤᠨ ᠪᠤᠴᠠᠯᠲᠠ ᠦᠭᠡᠢ ᠲᠤᠰᠠᠯᠠᠮᠵᠢ ᠬᠡᠷᠡᠭ᠍ᠵᠢᠭᠦᠯᠬᠦ ᠪᠡᠷ ᠪᠣᠯᠣᠯ᠎ᠠ᠃ ᠢᠩᠭᠢᠬᠦ ᠳᠤ ᠪᠠᠨ ᠬᠥᠭ᠍ᠵᠢᠯ ᠤᠨ ᠪᠡᠷᠬᠡᠰᠢᠶᠡᠯᠲᠡᠢ ᠢᠷᠭᠡᠳ᠂ ᠬᠥᠳᠡᠭᠡ ᠣᠷᠣᠨ ᠨᠤᠲᠤᠭ ᠤᠨ ᠠᠯᠤᠰᠯᠠᠭᠳᠠᠭᠰᠠᠨ ᠪᠦᠰᠡ ᠶᠢᠨ ᠢᠷᠭᠡᠳ ᠲᠤ ᠮᠦᠽᠧᠢ ᠶᠢᠨ ᠦᠵᠡᠪᠦᠷᠢ ᠶᠢ ᠬᠦᠷᠲᠡᠭᠡᠮᠵᠢ ᠲᠠᠢ ᠬᠦᠷᠭᠡᠬᠦ ᠳᠦ ᠵᠣᠷᠢᠭᠤᠯᠤᠭᠰᠠᠨ ᠲᠣᠨᠣᠭ ᠲᠥᠬᠦᠭᠡᠷᠦᠮᠵᠢ ᠨᠡᠢᠯᠡᠭᠦᠯᠬᠦ ᠪᠡᠷ ᠲᠣᠭᠲᠠᠵᠠᠢ ᠃

ᠰᠡᠳᠬᠢᠭᠳᠡᠯ ᠦᠯᠡᠳᠡᠭᠡᠬᠦ