ᠺᠠᠨᠠᠳᠠ ᠶᠢᠨ ᠤᠲᠲᠸᠠ᠂ ᠲᠤᠷᠤᠨᠲ᠋ᠤ᠋ ᠬᠣᠲᠠ ᠳ᠋ᠡᠬᠢ ᠮᠣᠩᠭᠣᠯ ᠰᠤᠷᠭᠠᠭᠤᠯᠢ ᠨᠤᠭᠤᠳ ᠤᠨ ᠬᠢᠴᠢᠶᠡᠯ ᠦᠨ ᠰᠢᠨ᠎ᠡ ᠵᠢᠯ ᠡᠨᠡ ᠰᠠᠷ᠎ᠠ ᠶᠢᠨ 21 ᠳᠦ ᠡᠬᠢᠯᠡᠵᠡᠢ᠃ ᠤᠲᠲᠸᠠ ᠬᠣᠲᠠ ᠶᠢᠨ ᠮᠣᠩᠭᠣᠯ ᠰᠤᠷᠭᠠᠭᠤᠯᠢ《ᠰᠧᠨᠲ᠋ᠧᠨᠨᠢᠶᠠᠯ》ᠳᠤᠮᠳᠠᠳᠤ ᠰᠤᠷᠭᠠᠭᠤᠯᠢ ᠳᠤ ᠪᠠᠶᠢᠷᠢᠯᠠᠨ ᠵ∙ ᠳ᠋ᠠᠭᠢᠵᠠᠩᠴᠤᠪ ᠪᠠᠭᠰᠢ 14 ᠬᠡᠦᠬᠡᠳ ᠲᠠᠢ ᠬᠢᠴᠢᠶᠡᠯᠯᠡᠨ᠎ᠡ᠃
ᠬᠠᠷᠢᠨ ᠲᠤᠷᠤᠨᠲ᠋ᠤ᠋ ᠬᠣᠲᠠ ᠳ᠋ᠡᠬᠢ ᠮᠣᠩᠭᠣᠯ ᠰᠤᠷᠭᠠᠭᠤᠯᠢ ᠡᠨᠡ ᠵᠢᠯ ᠲᠤᠷᠤᠨᠲ᠋ᠤ᠋ ᠳᠡᠭᠦᠷᠭᠡ ᠶᠢᠨ ᠰᠤᠷᠭᠠᠭᠤᠯᠢ ᠶᠢᠨ ᠵᠥᠪᠯᠡᠯ ᠦᠨ ᠳᠡᠷᠭᠡᠳᠡᠬᠢ 《ᠵᠣᠷᠵᠧᠰ ᠸᠠᠨᠢᠶᠧᠷ》ᠳᠤᠮᠳᠠᠳᠤ ᠰᠤᠷᠭᠠᠭᠤᠯᠢ ᠳᠤ ᠪᠠᠶᠢᠷᠢᠯᠠᠨ ᠳ ∙ᠰᠠᠷᠠᠨᠲᠤᠶᠠᠭ᠎ᠠ ᠪᠠᠭᠰᠢ ᠲᠠᠢ ᠪᠠᠷ ᠨᠡᠶᠢᠲᠡ 25 ᠬᠡᠦᠬᠡᠳ ᠬᠢᠴᠢᠶᠡᠯᠯᠡᠬᠦ ᠶᠤᠮ᠃