ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠣᠣᠷ᠎ᠠ《ᠢᠯᠡᠭᠦᠦ ᠶᠡᠬᠡ ᠤᠩᠰᠢᠶ᠎ᠠ》ᠤᠷᠢᠶ᠎ᠠ ᠲᠠᠢ ᠭᠤᠴᠢᠨ ᠵᠢᠷᠭᠤᠳᠤᠭᠠᠷ ᠨᠣᠮ ᠤᠨ ᠪᠠᠶᠠᠷ ᠢ ᠡᠨᠡ ᠰᠠᠷ᠎ᠠ ᠶᠢᠨ 20-27 ᠤ ᠡᠳᠦᠷ ᠦᠳ ᠲᠦ ᠵᠣᠬᠢᠶᠠᠨ ᠪᠠᠶᠢᠭᠤᠯᠤᠨ᠎ᠠ᠃ ᠡᠨᠡ ᠤᠳᠠᠭ᠎ᠠ ᠶᠢᠨ《ᠦᠨᠳᠦᠰᠦᠨ ᠦ ᠪᠢᠴᠢᠭ ᠰᠤᠶᠤᠯ᠂ ᠨᠣᠮ ᠤᠨ ᠡᠳᠦᠷ》 ᠦᠨ ᠨᠡᠭᠡᠭᠡᠯᠲᠡ ᠪᠢᠮᠪᠠ ᠭᠠᠷᠠᠭ ᠲᠤ ᠲᠥᠪ ᠨᠣᠮ ᠤᠨ ᠰᠠᠩ ᠳᠤ︽ᠬᠡᠦᠬᠡᠳ ᠦᠨ ᠤᠩᠰᠢᠯᠭ᠎ᠠ ᠶᠢ ᠳᠡᠮᠵᠢᠬᠦᠢ︾ ᠡᠷᠳᠡᠮ ᠰᠢᠨᠵᠢᠯᠡᠭᠡᠨ ᠦ ᠬᠤᠷᠠᠯ ᠢᠶᠠᠷ ᠡᠬᠢᠯᠡᠯ᠎ᠡ᠃
ᠲᠤᠰ ᠬᠤᠷᠠᠯ ᠳᠤ ᠤᠯᠠᠭᠠᠨᠪᠠᠭᠠᠲᠤᠷ ᠬᠣᠲᠠ ᠶᠢᠨ ᠬᠡᠦᠬᠡᠳ ᠦᠨ ᠲᠥᠪ ᠨᠣᠮ ᠤᠨ ᠰᠠᠩ ᠤᠨ ᠮᠡᠳᠡᠭᠡᠯᠡᠯ᠂ ᠲᠧᠭᠨᠣᠯᠣᠭᠢ᠂ ᠠᠷᠭ᠎ᠠ ᠵᠦᠢ ᠶᠢᠨ ᠬᠡᠯᠲᠡᠰ ᠦᠨ ᠳᠠᠷᠤᠭ᠎ᠠ ᠰ∙ᠲᠤᠩᠭᠠᠯᠠᠭ᠂︽ᠤᠳᠤ︾ᠰᠤᠷᠭᠠᠭᠤᠯᠢ ᠶᠢᠨ ᠪᠠᠭ᠎ᠠ ᠠᠩᠬᠢ ᠶᠢᠨ ᠪᠠᠭᠰᠢ ᠨ∙ᠣᠶᠤᠨᠴᠢᠮᠡᠭ᠂ ᠳᠥᠷᠪᠡᠳᠦᠭᠡᠷ ᠴᠡᠴᠡᠷᠯᠢᠭ ᠦᠨ ᠪᠠᠭᠰᠢ ᠨ∙ᠣᠶᠤᠨᠴᠡᠴᠡᠭ᠂ ᠪ∙ᠮᠠᠷᠠᠯ-ᠡᠷᠳᠡᠨᠢ᠂ ᠰᠢᠷ᠎ᠠ ᠶᠢᠨ ᠭᠣᠣᠯ ᠰᠤᠮᠤ ᠶᠢᠨ ᠬᠤᠶᠠᠳᠤᠭᠠᠷ ᠰᠤᠷᠭᠠᠭᠤᠯᠢ ᠶᠢᠨ ᠪᠠᠭᠰᠢ ᠴ ∙ ᠲᠤᠶᠠᠭ᠎ᠠ᠂ ᠨᠢᠭᠡᠳᠦᠭᠡᠷ ᠰᠤᠷᠭᠠᠭᠤᠯᠢ ᠶᠢᠨ ᠪᠠᠭᠰᠢ ᠴ ∙ ᠨᠠᠩᠰᠠᠯᠮ᠎ᠠ ᠵᠣᠴᠢᠨ ᠢᠯᠡᠳᠬᠡᠭᠴᠢ ᠪᠡᠷ ᠣᠷᠣᠯᠴᠠᠵᠤ ᠮᠡᠳᠡᠭᠡᠯᠡᠯ ᠥᠭᠪᠡ᠃
《ᠦᠨᠳᠦᠰᠦᠨ ᠦ ᠪᠢᠴᠢᠭ ᠰᠤᠶᠤᠯ᠂ ᠨᠣᠮ ᠤᠨ ᠡᠳᠦᠷ ᠦᠳ》ᠨᠢ ᠥᠪ ᠰᠤᠶᠤᠯ᠂ ᠲᠡᠦᠬᠡᠨ ᠤᠯᠠᠮᠵᠢᠯᠠᠯ ᠢᠶᠠᠨ ᠳᠡᠭᠡᠳᠦᠯᠡᠨ ᠬᠦᠨᠳᠦᠳᠭᠡᠬᠦ᠂ ᠦᠷ᠎ᠡ ᠬᠣᠶᠢᠴᠢ ᠳᠤ ᠪᠠᠨ ᠮᠣᠩᠭᠣᠯ ᠡᠬᠡ ᠬᠡᠯᠡ ᠪᠡᠷ ᠢᠶᠡᠨ ᠵᠥᠪ ᠶᠠᠷᠢᠵᠤ᠂ ᠪᠢᠴᠢᠬᠦ ᠰᠤᠶᠤᠯ ᠢ ᠲᠥᠯᠦᠪᠰᠢᠭᠦᠯᠬᠦ᠂ ᠡᠭᠦᠨ ᠦ ᠲᠥᠯᠥᠭᠡ ᠵᠢᠳᠬᠦᠵᠦ ᠪᠤᠢ ᠪᠦᠬᠦ ᠬᠦᠮᠦᠰ ᠲᠦ ᠬᠦᠨᠳᠦᠳᠬᠡᠯ ᠦᠵᠡᠭᠦᠯᠬᠦ ᠪᠠᠶᠠᠷ ᠤᠨ ᠡᠳᠦᠷ ᠭᠡᠳᠡᠭ ᠢ ᠵᠣᠬᠢᠶᠠᠨ ᠪᠠᠶᠢᠭᠤᠯᠤᠭᠴᠢᠳ ᠲᠤᠳᠤᠳᠬᠠᠪᠠ᠃