ᠴᠢᠨ᠎ᠠ ᠶᠢᠨ ᠭᠠᠯᠰᠠᠩ ᠨᠣᠮ ᠤᠨ ᠪᠠᠶᠠᠷ ᠤᠨ ᠬᠠᠮᠤᠭ ᠤᠨ ᠬᠦᠨᠳᠦᠲᠡᠢ ᠱᠠᠩᠨᠠᠯ ᠢ ᠬᠦᠷᠲᠡᠯ᠎ᠡ | News.MN

ᠴᠢᠨ᠎ᠠ ᠶᠢᠨ ᠭᠠᠯᠰᠠᠩ ᠨᠣᠮ ᠤᠨ ᠪᠠᠶᠠᠷ ᠤᠨ ᠬᠠᠮᠤᠭ ᠤᠨ ᠬᠦᠨᠳᠦᠲᠡᠢ ᠱᠠᠩᠨᠠᠯ ᠢ ᠬᠦᠷᠲᠡᠯ᠎ᠡ

ᠵᠣᠬᠢᠶᠠᠯᠴᠢ ᠴᠢᠨ᠎ᠠ ᠶᠢᠨ ᠭᠠᠯᠰᠠᠩ 2024 ᠣᠨ ᠤ 《ᠮᠡᠷᠭᠡᠨ ᠨᠣᠮ》 ᠴᠣᠮᠣ ᠶᠢᠨ ᠡᠵᠡᠨ ᠪᠣᠯᠤᠯ᠎ᠠ᠃ ᠡᠨᠡ ᠨᠢ  ᠭᠤᠴᠢᠨ ᠵᠢᠷᠭᠤᠳᠤᠭᠠᠷ ᠤᠳᠠᠭ᠎ᠠ ᠶᠢᠨ ᠨᠣᠮ ᠤᠨ ᠪᠠᠶᠠᠷ ᠤᠨ ᠬᠠᠮᠤᠭ ᠤᠨ ᠬᠦᠨᠳᠦ ᠲᠡᠢ ᠱᠠᠩᠨᠠᠯ ᠪᠥᠭᠡᠳ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠠᠴᠠ ᠥᠴᠥᠭᠡᠳᠦᠷ ᠲᠡᠭᠦᠨ ᠳᠦ ᠭᠠᠷᠳᠠᠭᠤᠯᠤᠨ ᠥᠭᠴᠡᠢ᠃

ᠡᠨᠡ ᠵᠢᠯ ᠦᠨ ᠨᠣᠮ ᠤᠨ ᠪᠠᠶᠠᠷ ᠢ ᠤᠭᠲᠤᠨ ᠲᠡᠭᠦᠨ ᠦ《ᠡᠷ᠎ᠡ ᠬᠠᠷ᠎ᠠ ᠰᠤᠷ》ᠰᠢᠯᠦᠭ ᠦᠨ ᠲᠡᠭᠦᠪᠦᠷᠢ ᠶᠢ 《Nojo publishing》ᠬᠡᠪᠯᠡᠯ ᠦᠨ ᠭᠠᠵᠠᠷ ᠰᠢᠨ᠎ᠡ ᠪᠡᠷ ᠬᠡᠪᠯᠡᠨ ᠭᠠᠷᠭᠠᠭᠰᠠᠨ ᠶᠤᠮ᠃ ᠮᠥᠨ ᠵᠣᠬᠢᠶᠠᠯᠴᠢ ᠶᠢᠨ《ᠠᠷᠪᠠᠨ ᠰᠠᠷ᠎ᠠ ᠶᠢᠨ ᠲᠩᠷᠢ ᠳᠣᠣᠷ᠎ᠠ》ᠲᠤᠭᠤᠵᠢ᠂《ᠬᠥᠬᠡ ᠲᠩᠷᠢ ᠰᠣᠨᠣᠰᠴᠤ ᠪᠠᠢ》ᠷᠣᠮᠠᠨ᠂《ᠠᠶᠤᠩᠭᠠᠲᠤ ᠴᠠᠭ ᠤᠨ ᠲᠤᠭᠤᠵᠢ》ᠪᠦᠲᠦᠭᠡᠯ ᠦᠳ ᠨᠢ ᠡᠨᠡ ᠪᠠᠶᠠᠷ ᠤᠨ ᠣᠨᠴᠠᠯᠠᠬᠤ ᠨᠣᠮ ᠪᠣᠯᠵᠠᠢ᠃ ᠲᠡᠭᠦᠨ ᠦ ᠵᠣᠬᠢᠶᠠᠯ ᠤᠳ ᠠᠴᠠ ᠬᠠᠮᠤᠭ ᠤᠨ ᠣᠯᠠᠨ ᠪᠤᠶᠤ 15 ᠬᠡᠯᠡ ᠪᠡᠷ ᠬᠡᠪᠯᠡᠭᠳᠡᠭᠰᠡᠨ ᠨᠢ《ᠬᠥᠬᠡ ᠲᠩᠷᠢ ᠰᠣᠨᠣᠰᠴᠤ ᠪᠠᠢ》ᠷᠣᠮᠠᠨ ᠪᠢᠯᠡ᠃

ᠰᠡᠳᠬᠢᠭᠳᠡᠯ ᠦᠯᠡᠳᠡᠭᠡᠬᠦ