ᠳᠠᠯᠠᠢ ᠶᠢᠨ ᠲᠦᠪᠰᠢᠨ ᠡᠴᠡ ᠳᠡᠭᠡᠭᠰᠢ 8163 ᠮᠧᠲ᠋ᠷ ᠦᠨ ᠥᠨᠳᠥᠷ ᠲᠦ ᠾᠢᠮᠠᠯᠢ ᠶᠢᠨ ᠨᠢᠷᠤᠭᠤᠨ ᠤ ᠮᠠᠨᠠᠰᠯᠤ ᠣᠷᠭᠢᠯ ᠳᠤ ᠡᠮᠡᠭᠲᠡᠢ ᠠᠭᠤᠯᠠᠴᠢᠨ ᠪ ∙ ᠪᠠᠲᠤᠬᠡᠰᠢᠭ ᠠᠮᠵᠢᠯᠲᠠ ᠲᠠᠢ ᠠᠪᠠᠷᠢᠵᠠᠢ᠃ ᠲᠡᠷᠡᠪᠡᠷ ᠡᠨᠡ ᠳᠣᠯᠣᠭ᠎ᠠ ᠬᠣᠨᠣᠭ ᠤᠨ ᠮᠢᠭᠮᠠᠷ ᠭᠠᠷᠠᠭ ᠤᠨ ᠥᠷᠯᠥᠭᠡᠨ ᠦ ᠲᠠᠪᠤᠨ ᠴᠠᠭ ᠲᠤ ᠣᠷᠭᠢᠯ ᠳᠤ ᠭᠠᠷᠴᠤ ᠳᠡᠯᠡᠬᠡᠢ ᠶᠢᠨ ᠨᠠᠢ᠌ᠮᠠᠳᠠᠬᠢ ᠨᠣᠶᠠᠨ ᠣᠷᠭᠢᠯ ᠳᠤ ᠤᠯᠤᠰ ᠤᠨ ᠢᠶᠠᠨ ᠳᠠᠯᠪᠠᠭ᠎ᠠ ᠶᠢ ᠮᠠᠨᠳᠤᠭᠤᠯᠵᠠᠢ᠃
ᠮᠠᠨᠠᠰᠯᠤ ᠣᠷᠭᠢᠯ ᠳᠤ ᠡᠭᠦᠨ ᠡᠴᠡ ᠡᠮᠦᠨ᠎ᠡ ᠮᠣᠩᠭᠣᠯ ᠬᠦᠮᠦᠨ ᠮᠥᠷ ᠢᠶᠡᠨ ᠭᠠᠷᠭᠠᠭᠰᠠᠨ ᠨᠢ 2019 ᠣᠨ ᠪᠠᠶᠢᠪᠠ᠃ ᠪ ∙ ᠪᠠᠲᠤᠬᠡᠰᠢᠭ ᠨᠢ ᠬᠣᠣᠷᠲᠤ ᠬᠠᠪᠤᠳᠠᠷ ᠤᠨ ᠡᠮᠴᠢᠯᠡᠭᠡ ᠪᠡᠨ ᠳᠠᠭᠤᠰᠬᠠᠭᠰᠠᠨ ᠠᠴᠠ ᠬᠣᠶᠢᠰᠢ ᠬᠣᠶᠠᠷ ᠰᠠᠷ᠎ᠠ ᠶᠢᠨ ᠳᠠᠷᠠᠭ᠎ᠠ ᠡᠶᠢᠨᠬᠦᠦ ᠾᠢᠮᠠᠯᠢ ᠶᠢᠨ ᠨᠢᠷᠤᠭᠤᠨ ᠳᠤ ᠠᠪᠠᠷᠢᠬᠤ ᠪᠠᠷ ᠵᠣᠷᠢᠭᠯᠠᠭᠰᠠᠨ ᠪᠠᠶᠢᠨ᠎ᠠ᠃