500 ᠮᠢᠩᠭᠠᠨ ᠮᠣᠳᠤᠨ ᠤ ᠲᠠᠷᠢᠴᠠ ᠪᠡᠯᠡᠳᠬᠡᠬᠦ ᠮᠣᠳᠤ ᠦᠷᠡᠵᠢᠭᠦᠯᠭᠡ ᠶᠢᠨ ᠭᠠᠵᠠᠷ ᠲᠠᠢ ᠪᠣᠯᠣᠯ᠎ᠠ | News.MN

500 ᠮᠢᠩᠭᠠᠨ ᠮᠣᠳᠤᠨ ᠤ ᠲᠠᠷᠢᠴᠠ ᠪᠡᠯᠡᠳᠬᠡᠬᠦ ᠮᠣᠳᠤ ᠦᠷᠡᠵᠢᠭᠦᠯᠭᠡ ᠶᠢᠨ ᠭᠠᠵᠠᠷ ᠲᠠᠢ ᠪᠣᠯᠣᠯ᠎ᠠ

ᠪᠠᠢᠭᠠᠯᠢ ᠣᠷᠴᠢᠨ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠶᠠᠮᠤᠨ ᠤ ᠰᠠᠢᠳ ᠰ· ᠤᠳᠤᠨᠲᠤᠶᠠᠭ᠎ᠠ ᠡᠮᠦᠨᠠᠭᠤᠪᠢ ᠠᠢᠮᠠᠭ ᠲᠤ ᠠᠵᠢᠯᠯᠠᠬᠤ ᠦᠶ᠎ᠡ ᠪᠡᠷ ᠢᠶᠡᠨ ᠵᠢᠯ ᠳᠤ 500 ᠮᠢᠩᠭᠠᠨ ᠮᠣᠳᠤᠨ ᠤ ᠲᠠᠷᠢᠴᠠ ᠂ ᠰᠠᠭᠤᠯᠭᠠᠴᠠ ᠪᠡᠯᠡᠳᠬᠡᠬᠦ ᠬᠦᠴᠦᠨ ᠴᠢᠳᠠᠯ ᠲᠠᠢ ᠂ ᠲᠣᠨᠣᠭᠯᠠᠵᠤ ᠂ ᠮᠧᠬᠠᠨᠢᠬᠠᠵᠢᠭ᠌ᠰᠠᠨ ᠮᠣᠳᠤ ᠦᠷᠡᠵᠢᠭᠦᠯᠭᠡ ᠶᠢᠨ ᠭᠠᠵᠠᠷ ᠢ ᠴᠣᠭᠲᠤ ᠣᠪᠤᠭ᠎ᠠ ᠰᠤᠮᠤᠨ ᠳᠤ ᠠᠰᠢᠭ᠌ᠯᠠᠯᠲᠠ ᠳᠤ ᠬᠦᠯᠢᠶᠡᠯᠭᠡᠨ ᠦᠭ᠍ᠬᠦ ᠦᠢᠯᠡ ᠠᠵᠢᠯᠯᠠᠭᠠᠨ ᠳᠤ ᠣᠷᠣᠯᠴᠠᠯ᠎ᠠ ᠃

ᠤᠭ᠍ᠶᠤᠲᠤᠯᠤᠭᠠᠢ ᠺᠣᠮᠫᠠᠨᠢ ᠶᠢᠨ 《ᠵᠠᠭᠤᠨ ᠰᠠᠶ᠎ᠠ ᠮᠣᠳᠤ》ᠬᠥᠲᠥᠯᠪᠦᠷᠢ ᠨᠢ ᠣᠢᠢᠵᠢᠭᠤᠯᠤᠯᠲᠠ ᠂ ᠦᠷ᠎ᠡ ᠶᠢᠨ ᠨᠥᠭᠡᠴᠡ ᠪᠦᠷᠢᠳᠦᠭᠦᠯᠬᠦ ᠂ ᠮᠣᠳᠤ ᠦᠷᠡᠵᠢᠭᠦᠯᠭᠡ ᠶᠢᠨ ᠭᠠᠵᠠᠷ ᠤᠨ ᠳᠡᠳ᠋ ᠪᠦᠲᠦᠴᠡ ᠳᠤ ᠬᠥᠷᠥᠩᠭᠡ ᠣᠷᠣᠭᠤᠯᠬᠤ ᠵᠣᠷᠢᠯᠭ᠎ᠠ ᠲᠠᠢ ᠃ ᠲᠡᠳᠡ ᠤᠯᠤᠰ ᠤᠨ ᠬᠡᠮᠵᠢᠶᠡᠨ ᠳᠤ ᠮᠣᠳᠤ ᠦᠷᠡᠵᠢᠭᠦᠯᠭᠡ ᠶᠢᠨ 10 ᠭᠠᠵᠠᠷ ᠪᠠᠢᠭᠤᠯᠬᠤ ᠪᠡᠷ ᠲᠥᠯᠥᠪᠯᠡᠵᠡᠢ ᠃ ᠡᠭᠦᠨ ᠠᠴᠠ ᠲᠠᠪᠤᠨ ᠮᠣᠳᠤ ᠦᠷᠡᠵᠢᠭᠦᠯᠭᠡ ᠶᠢᠨ ᠭᠠᠵᠠᠷ ᠢ ᠡᠮᠦᠨᠡᠭᠤᠪᠢ ᠠᠢᠮᠠᠭ ᠤᠨ ᠬᠠᠨ ᠪᠣᠭᠳᠠ ᠂ ᠴᠣᠭᠲᠤ ᠣᠪᠤᠭ᠎ᠠ ᠂ ᠮᠡᠡᠭ᠍ᠯᠡᠢ ᠂ ᠪᠠᠶᠠᠨ ᠪᠠᠷᠬᠠᠢ ᠣᠪᠤᠭ᠎ᠠ ᠂ ᠰᠡᠪᠡᠷᠡᠢ ᠰᠤᠮᠤᠨ ᠳᠤ ᠪᠡᠢᠢᠭᠤᠯᠬᠤ  ᠶᠤᠮ ᠃

ᠰᠡᠳᠬᠢᠭᠳᠡᠯ ᠦᠯᠡᠳᠡᠭᠡᠬᠦ