ᠭᠠᠮᠰᠢᠭ ᠤᠨ ᠡᠰᠡᠷᠭᠦ ᠪᠡᠯᠡᠨ ᠪᠠᠢᠳᠠᠯ ᠢ ᠰᠠᠢᠵᠢᠷᠠᠭᠤᠯᠬᠤ ᠳᠤ ᠠᠮᠧᠷᠢᠺᠠ  ᠲᠤᠰᠠᠯᠠᠨ᠎ᠠ | News.MN

ᠭᠠᠮᠰᠢᠭ ᠤᠨ ᠡᠰᠡᠷᠭᠦ ᠪᠡᠯᠡᠨ ᠪᠠᠢᠳᠠᠯ ᠢ ᠰᠠᠢᠵᠢᠷᠠᠭᠤᠯᠬᠤ ᠳᠤ ᠠᠮᠧᠷᠢᠺᠠ  ᠲᠤᠰᠠᠯᠠᠨ᠎ᠠ

ᠳᠡᠯᠡᠬᠡᠢ ᠶᠢᠨ 60 ᠭᠠᠷᠦᠢ ᠣᠷᠣᠨ ᠳ᠋ᠡᠬᠢ ᠰᠠᠭᠤᠷᠢᠨ ᠲᠥᠯᠥᠭᠡᠯᠡᠭ᠍ᠴᠢ ᠶᠢᠨ ᠭᠠᠵᠠᠷ ᠪᠤᠯᠦᠠ ᠪᠦᠰᠡ ᠶᠢᠨ ᠠ᠋ᠣᠣᠹᠢᠰ ᠢᠶᠠᠷ ᠢᠶᠠᠨ ᠳᠠᠮᠵᠢᠭᠤᠯᠤᠨ ᠤᠯᠤᠰ ᠣᠷᠣᠨ ᠨᠤᠭᠤᠳ ᠲᠤ ᠲᠤᠯᠭᠠᠮᠳᠠᠵᠤ ᠪᠤᠶ ᠨᠡᠢᠢᠭᠡᠮ ᠤᠨ ᠡᠷᠡᠭᠦᠯ ᠮᠡᠨᠳᠦ ᠶᠢᠨ ᠨᠤᠴᠢᠲᠠᠢ ᠪᠠᠢᠳᠠᠯ ᠤᠨ ᠬᠠᠷᠢᠭᠤ ᠠᠷᠭ᠎ᠠ ᠬᠡᠮᠵᠢᠶ᠎ᠡ ᠶᠢ ᠬᠠᠮᠲᠤᠷᠠᠨ ᠬᠡᠷᠡᠭ᠍ᠵᠢᠭᠦᠯᠵᠦ ᠂ ᠴᠢᠳᠠᠪᠬᠢ ᠶᠢ ᠪᠡᠬᠢᠵᠢᠭᠦᠯᠬᠦ ᠴᠢᠭ᠍ᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠮᠧᠷᠢᠺᠠ ᠶᠢᠨ CDC︵ ᠡᠪᠡᠳᠴᠢᠨ ᠤ ᠬᠢᠨᠠᠯᠲᠠ ᠰᠡᠷᠭᠡᠢᠯᠡᠯᠲᠡ ᠶᠢᠨ ᠲᠥᠪ︶ ᠪᠤᠯᠦᠠ ᠤᠯᠤᠰ ᠤᠨ ᠤᠨᠴᠠᠭᠠᠢ ᠺᠤᠮᠢᠰ ᠬᠤᠭᠤᠷᠦᠡᠳᠦ ᠬᠠᠮᠲᠤ ᠶ᠋ᠢᠨ ᠠᠵᠢᠯᠯᠠᠭ᠎ᠠ ᠶᠢ ᠬᠥᠭ᠍ᠵᠢᠭᠦᠯᠬᠦ ᠰᠢᠨ᠎ᠡ ᠪᠣᠯᠣᠮᠵᠢ ᠨᠤᠭᠤᠳ ᠨᠡᠭᠡᠭᠡᠭ᠍ᠳᠡᠯ᠎ᠡ ᠃

ᠮᠣᠩᠭᠣᠯ ᠤᠯᠤᠰ ᠤᠨ ᠰᠢᠳᠠᠷ ᠰᠠᠢᠳ ᠰ· ᠠᠮᠤᠷᠰᠠᠢᠬᠠᠨ ᠠᠮᠧᠷᠢᠺᠠ  ᠠᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠢᠳ ᠪᠤᠯᠦᠠ USAID ᠪᠠᠢᠭᠤᠯᠤᠯᠭ᠎ᠠ ᠶᠢᠨ ᠰᠠᠭᠤᠷᠢᠨ ᠲᠥᠯᠦᠭᠡᠯᠡᠭ᠍ᠴᠢ  ᠲᠤᠮ  ᠭᠷᠧᠾᠡᠨ ᠂ ᠠᠮᠧᠷᠢᠺᠠ ᠶᠢᠨ ᠡᠪᠡᠳᠴᠢᠨ ᠤ ᠬᠢᠨᠠᠯᠲᠠ ᠰᠡᠷᠭᠡᠢᠯᠡᠯᠲᠡ ᠶᠢᠨ ᠲᠥᠪ ᠦᠨ ᠲᠤᠤᠺᠢᠣ᠋ ᠳ᠋ᠡᠬᠢ ᠠ᠋ᠣᠣᠹᠢᠰ ᠤᠨ ᠪᠦᠰᠡ ᠶᠢᠨ ᠵᠠᠬᠢᠷᠤᠯ ᠂ ᠬᠠᠲᠤᠭᠲᠠᠶ  ᠮᠢᠱᠧᠯ ᠮᠠᠺᠺᠤᠨᠨᠧᠯᠢ ᠂ ᠠᠮᠧᠷᠢᠺᠠ ᠶᠢᠨ ᠲᠥᠪ ᠠ᠋ᠣᠣᠹᠢᠰ ᠤᠨ ᠳᠡᠯᠡᠬᠡᠢ ᠶᠢᠨ ᠡᠷᠡᠭᠦᠯ ᠮᠡᠨᠳᠦ ᠶᠢᠨ ᠨᠢᠭᠡᠴᠢ ᠶᠢᠨ ᠳᠡᠳ᠋ ᠵᠠᠬᠢᠷᠤᠯ ᠮᠠᠢᠺ  ᠭᠧᠷᠪᠧᠷ ᠲᠡᠷᠢᠭᠦᠲᠡᠢ ᠠᠯᠪᠠᠨ ᠤ ᠲᠥᠯᠥᠭᠡᠯᠡᠯ ᠲᠠᠢ ᠡᠨᠡ ᠠᠰᠠᠭᠤᠳᠠᠯ ᠢᠶᠠᠷ ᠥᠨᠥᠳᠥᠷ ᠠᠵᠢᠯ ᠬᠡᠷᠡᠭ ᠦᠨ ᠠᠭᠤᠯᠵᠠᠯᠲᠠ ᠬᠢᠯ᠎ᠡ ᠃

ᠮᠣᠩᠭᠣᠯ᠂ ᠠᠮᠧᠷᠢᠺᠠ ᠶᠢᠨ ᠡᠪᠡᠳᠴᠢᠨ ᠤ ᠬᠢᠨᠠᠯᠲᠠ ᠰᠡᠷᠭᠡᠢᠯᠡᠯᠲᠡ ᠶᠢᠨ ᠲᠥᠪ ᠦᠨ ᠬᠠᠮᠲᠤ ᠶ᠋ᠢᠨ ᠠᠵᠢᠯᠯᠠᠭ᠎ᠠ 2023 ᠣᠨ ᠠᠴᠠ ᠡᠷᠴᠢᠮᠵᠢᠵᠦ ᠂ ᠲᠤᠰ ᠲᠥᠪ ᠦᠨ ᠨᠡᠢᠢᠭᠡᠮ ᠤᠨ ᠡᠷᠡᠭᠦᠯ ᠮᠡᠨᠳᠦ ᠶᠢᠨ ᠨᠤᠴᠢᠲᠠᠢ ᠪᠠᠢᠳᠠᠯ ᠤᠨ ᠮᠧᠨᠧᠵᠮᠧᠨᠲ ᠦᠨ 3 ᠰᠠᠷ᠎ᠠ ᠶᠢᠨ ᠬᠦᠲᠦᠯᠪᠦᠷᠢ ᠳᠤ  ᠬᠠᠯᠳᠠᠪᠤᠷᠢᠲᠤ ᠡᠪᠡᠳᠴᠢᠨ ᠰᠤᠳᠤᠯᠤᠯ ᠤᠨ  ᠦᠨᠳᠦᠰᠦᠨ ᠦ  ᠲᠦᠪ  ᠡᠴᠡ ᠠᠩᠬ᠎ᠠ ᠤᠳᠠᠭ᠎ᠠ 2 ᠮᠡᠷᠭᠡᠵᠢᠯᠲᠡᠨ ᠬᠠᠮᠤᠷᠤᠭᠳᠠᠭᠰᠠᠨ ᠪᠣᠯ ᠡᠳᠦᠭᠡ ᠮᠤᠢ᠍ᠠ 2 ᠮᠡᠷᠭᠡᠵᠢᠯᠲᠡᠨ ᠰᠤᠷᠤᠯᠴᠠᠬᠤ ᠪᠡᠷ ᠪᠡᠢᠢᠨ᠎ᠡ ᠃

ᠰᠡᠳᠬᠢᠭᠳᠡᠯ ᠦᠯᠡᠳᠡᠭᠡᠬᠦ