ᠮᠣᠩᠭᠣᠯ ᠤᠨ ᠰᠤᠶᠦᠯ ᠢ ᠭᠠᠳᠠᠭᠠᠳᠤ ᠳᠤ ᠰᠤᠷᠲᠠᠯᠴᠢᠯᠠᠨ᠎ᠠ | News.MN

ᠮᠣᠩᠭᠣᠯ ᠤᠨ ᠰᠤᠶᠦᠯ ᠢ ᠭᠠᠳᠠᠭᠠᠳᠤ ᠳᠤ ᠰᠤᠷᠲᠠᠯᠴᠢᠯᠠᠨ᠎ᠠ

ᠳᠡᠯᠡᠬᠡᠢ ᠳᠠᠶᠠᠭᠠᠷ 500 ᠰᠠᠶ᠎ᠠ ᠭᠠᠷᠤᠢ ᠲᠤᠭᠳᠠᠮᠠᠯ ᠬᠡᠷᠡᠭ᠍ᠯᠡᠭ᠍ᠴᠢ ᠲᠠᠢ ᠠᠶᠠᠯᠠᠯ ᠵᠢᠭᠤᠯᠴᠢᠯᠠᠯ ᠤᠨ ᠫᠯᠠᠲᠹᠣᠷᠮ ᠪᠣᠯᠬᠤ Trip.com ᠭᠷᠦ᠋ᠫ ᠲᠠᠢ ᠬᠠᠮᠲᠤᠷᠠᠨ ᠠᠵᠢᠯᠯᠠᠬᠤ ᠭᠡᠷ᠎ᠡ ᠶᠢ ᠮᠣᠩᠭᠣᠯ ᠤᠯᠤᠰ ᠤᠨ ᠰᠤᠶᠦᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤᠨ ᠪᠠᠢᠭᠤᠯᠤᠯ᠎ᠠ ᠃

ᠡᠢᠨ ᠬᠦ  ᠮᠣᠩᠭᠣᠯ ᠤᠨ ᠨᠡᠭᠦᠳᠡᠯ ᠤᠨ ᠰᠤᠶᠦᠯ ᠂ ᠵᠠᠩ ᠵᠠᠩᠰᠢᠯ ᠂ ᠦᠵᠡᠰᠬᠦᠯᠡᠩᠲᠦ ᠪᠠᠢᠭᠠᠯᠢ ᠶᠢ ᠪᠦᠬᠦᠳᠠ ᠨᠠᠢᠢᠷᠠᠮᠳᠠᠬᠤ ᠰᠣᠯᠤᠩᠭᠤᠰ ᠤᠯᠤᠰ᠂  ᠪᠦᠭᠦᠳᠡ ᠨᠠᠢᠢᠷᠠᠮᠳᠠᠬᠤ ᠬᠢᠲᠠᠳ ᠠᠷᠠᠳ ‍ ᠤᠯᠤᠰ᠂ ᠲᠡᠭᠦᠨ ᠦ ᠬᠠᠷᠢᠶ᠎ᠠ ᠬᠤᠩᠺᠤᠩ  ᠤᠨ ᠬᠡᠷᠡᠭ᠍ᠯᠡᠭ᠍ᠴᠢᠳ ᠲᠦ ᠺᠤᠨᠲ᠋ᠧᠨᠲ ᠢᠶᠠᠷ ᠳᠠᠮᠵᠢᠭᠤᠯᠤᠨ ᠰᠤᠷᠲᠠᠯᠴᠢᠯᠠᠬᠤ ᠂ ᠠᠶᠠᠯᠠᠯ ᠵᠢᠭᠤᠯᠴᠢᠯᠠᠯ ᠤᠨ ᠪᠦᠲᠦᠭᠡᠭ᠍ᠳᠡᠬᠦᠨ ᠢ ᠪᠣᠷᠣᠯᠠᠭᠤᠯᠬᠤ  ᠪᠡᠷ ᠪᠣᠯᠣᠯ᠎ᠠ ᠃

Trip.com ᠨᠢ ᠳᠡᠯᠡᠬᠡᠢ ᠶᠢᠨ ᠬᠡᠮᠵᠢᠶᠡᠨ ᠳᠤ ᠨᠢᠰᠬᠦ ᠪᠠᠭᠤᠳᠠᠯ᠂ ᠵᠣᠴᠢᠳ ᠪᠠᠭᠤᠳᠠᠯ ᠪᠤᠯᠦᠠ ᠠᠶᠠᠯᠠᠯ ᠵᠢᠭᠤᠯᠴᠢᠯᠠᠯ ᠤᠨ ᠦᠢᠯᠡᠴᠢᠯᠡᠭᠡ ᠶᠢ ᠣᠨᠯᠠᠢᠨ ᠫᠯᠠᠲᠹᠣᠷᠮ ᠢᠶᠠᠷ ᠳᠠᠮᠵᠢᠭᠤᠯᠤᠨ ᠬᠡᠷᠡᠭ᠍ᠯᠡᠭ᠍ᠴᠢᠳ ᠲᠡᠬᠡᠨ ᠬᠦᠷᠭᠡᠳᠡᠭ ᠲᠡᠷᠢᠭᠦᠯᠡᠭ᠍ᠴᠢ ᠪᠠᠢᠭᠤᠯᠤᠯᠤᠭ᠎ᠠ ᠶᠢᠨ ᠨᠢᠭᠡ ᠶᠤᠮ ᠃

ᠰᠡᠳᠬᠢᠭᠳᠡᠯ ᠦᠯᠡᠳᠡᠭᠡᠬᠦ