ᠠᠮᠧᠷᠢᠺᠠ ᠶᠢᠨ ᠨᠢᠦ᠋ ᠶᠤᠷᠺ ᠬᠣᠲᠠ ᠶᠢᠨ ᠳᠡᠭᠦᠷᠭᠡ ᠳᠤ ᠪᠣᠯᠵᠤ ᠪᠤᠶ ᠬᠡᠲᠦ ᠬᠣᠯᠠ ᠶᠢᠨ ᠮᠠᠷᠠᠹᠣᠨ ᠳᠤ ᠣᠷᠣᠨ ᠣᠷᠣᠨ ᠤ 52 ᠲᠠᠮᠢᠷᠴᠢᠨ ᠥᠷᠢᠰᠦᠯᠳᠦᠵᠦ ᠪᠠᠢᠭ᠎ᠠ ᠠᠴᠠ ᠮᠣᠩᠭᠣᠯ ᠤᠯᠤᠰ ᠢ ᠲᠥᠯᠥᠭᠡᠯᠡᠨ ᠪ ∙ ᠪᠤᠳᠠᠵᠢᠷᠭᠠᠯ ᠣᠷᠣᠯᠴᠠᠵᠤ ᠪᠡᠢᠢᠨ᠎ᠡ ᠃ ᠲᠡᠮᠡᠴᠡᠭᠡᠨ ᠡᠬᠢᠯᠡᠭ᠍ᠰᠡᠨ ᠡᠴᠡ 18 ᠡᠳᠦᠷ ᠦᠨ ᠳᠠᠷᠠᠭ᠎ᠠ ᠶᠢᠨ ᠪᠠᠢᠳᠠᠯ ᠢᠶᠠᠷ ᠲᠡᠷᠡ 1933.7 ᠺᠢᠯᠣᠮᠧᠲᠷ ᠵᠡᠮ ᠲᠤᠭᠤᠯᠵᠤ᠂ ᠵᠢᠷᠭᠤᠳᠤᠭᠠᠷ ᠲᠤ ᠶᠠᠪᠤᠵᠤ ᠪᠡᠢᠢᠨ᠎ᠡ ᠃
ᠮᠠᠨ ᠤ ᠲᠠᠮᠢᠷᠴᠢᠨ 12 ᠡᠳᠦᠷ ᠦᠨ ᠡᠮᠦᠨ᠎ᠡ ᠮᠠᠷᠠᠹᠣᠨ ᠢ ᠲᠡᠷᠢᠭᠦᠯᠡᠵᠦ ᠪᠠᠢᠭᠰᠠᠨ ᠶᠤᠮ᠃ 1997 ᠣᠨ ᠠᠴᠠ ᠬᠤᠢᠢᠰᠢ ᠵᠢᠯ ᠪᠦᠷᠢ ᠪᠣᠯᠵᠤ ᠪᠤᠶ ᠲᠤᠰ ᠤᠷᠤᠯᠳᠤᠭᠠᠨ ᠤ ᠵᠠᠢ ᠨᠢ 4989 ᠺᠢᠯᠣᠮᠧᠲᠷ ᠪᠥᠭᠡᠳ ᠳᠡᠯᠡᠬᠡᠢ ᠶᠢᠨ ᠬᠠᠮᠦᠬ ᠤᠨ ᠬᠣᠯᠠ ᠶᠢᠨ ᠮᠠᠷᠠᠹᠣᠨ ᠶᠤᠮ᠃ ᠲᠡᠢᠮᠦ ᠡᠴᠡ ᠲᠠᠮᠢᠷᠴᠢᠳ ᠡᠳᠦᠷ ᠲᠤ ᠶᠡᠷᠦᠳᠡ ᠶᠢᠨ 2-3 ᠮᠠᠷᠠᠹᠣᠨ ᠤ ᠳᠠᠢᠢᠲᠠᠶ ᠵᠠᠢ ᠳᠤ ᠭᠦᠶᠦᠵᠦ ᠤᠷᠤᠯᠳᠤᠭᠠᠨ ᠢᠶᠠᠨ 52 ᠬᠣᠨᠣᠭ ᠤᠨ ᠳᠣᠲᠣᠷ᠎ᠠ ᠳᠠᠭᠤᠰᠬᠠᠳᠠᠭ ᠪᠡᠢᠢᠨ᠎ᠡ᠃ ᠪ∙ᠪᠤᠳᠠᠵᠢᠷᠭᠠᠯ ᠮᠣᠩᠭᠣᠯ᠂ ᠬᠢᠲᠠᠳ ᠪᠤᠯᠦᠠ ᠠᠮᠧᠷᠢᠺᠠ ᠳᠤ 6-10 ᠬᠣᠨᠣᠭ ᠤᠨ ᠮᠠᠷᠠᠹᠣᠨ ᠳᠤ ᠲᠦᠷᠦᠭᠦᠯᠡᠵᠦ ᠪᠠᠢᠭᠰᠠᠨ ᠪᠥᠭᠡᠳ ᠡᠨᠡ ᠤᠳᠠᠭ᠎ᠠ ᠶᠢᠨ ᠬᠢ ᠲᠡᠭᠦᠨ ᠤ ᠠᠩᠬᠠᠨ ᠤ ᠬᠠᠮᠦᠬ ᠤᠨ ᠬᠣᠯᠠ ᠶᠢᠨ ᠴᠠᠬᠢᠮ ᠤᠨ ᠭᠦᠶᠦᠯᠲᠡ ᠪᠣᠯᠵᠤ ᠪᠡᠢᠢᠨ᠎ᠡ ᠃