ᠤᠯᠤᠰ ᠤᠨ ᠶᠡᠬᠡ ᠬᠤᠷᠠᠯ ᠤᠨ 2024 ᠣᠨ ᠤ ᠨᠠᠮᠤᠷ ᠤᠨ ᠡᠭᠡᠯᠵᠢᠲᠦ ᠴᠢᠭᠤᠯᠭᠠᠨ ᠢᠷᠡᠬᠦ ᠰᠠᠷ᠎ᠠ ᠶ᠋ᠢᠨ ᠨᠢᠭᠡᠨ ᠳ᠋ᠦ᠍ ᠨᠡᠭᠡᠭᠡᠯᠲᠡ ᠪᠡᠨ ᠬᠢᠨ᠎ᠡ᠃ ᠴᠢᠭᠤᠯᠭᠠᠨ ᠤ ᠡᠬᠢᠨ ᠳᠤ ᠢᠷᠡᠬᠦ ᠣᠨ ᠤ ᠲᠥᠰᠥᠪ ᠤᠨ ᠲᠥᠰᠦᠯ ᠢ ᠬᠡᠯᠡᠯᠴᠡᠬᠦ ᠪᠡᠷ ᠲᠣᠪᠯᠠᠭᠠᠳ ᠪᠣᠢ᠃
ᠦᠭᠡᠷ᠎ᠡ ᠪᠡᠷ ᠬᠡᠯᠡᠪᠡᠯ᠂ ᠮᠣᠩᠭᠣᠯ ᠤᠯᠤᠰ ᠦᠨ 2025 ᠣᠨ ᠤ ᠲᠥᠰᠥᠪ ᠤᠨ ᠲᠤᠬᠠᠢ᠂ ᠦᠨᠳᠦᠰᠦᠨ ᠤ ᠪᠠᠶᠠᠯᠢᠭ ᠤᠨ ᠰᠠᠩ ᠤᠨ 2025 ᠣᠨ ᠤᠨ ᠲᠥᠰᠥᠪ ᠤᠨ ᠲᠤᠬᠠᠢ᠂ ᠨᠡᠶᠢᠭᠡᠮ ᠤᠨ ᠬᠠᠮᠠᠭᠠᠯᠠᠯ ᠤᠨ ᠰᠠᠩ ᠤᠨ 2025 ᠣᠨ ᠤ ᠲᠥᠰᠥᠪ ᠤᠨ ᠲᠤᠬᠠᠢ᠂ ᠡᠷᠡᠭᠦᠯ ᠮᠡᠨᠳᠦ ᠶ᠋ᠢᠨ ᠳᠠᠭᠠᠳᠬᠠᠯ ᠤᠨ ᠰᠠᠩ ᠤᠨ 2025 ᠣᠨ ᠤ ᠲᠥᠰᠥᠪ ᠤᠨ ᠲᠤᠬᠠᠢ ᠬᠠᠤᠯᠢ ᠶ᠋ᠢᠨ ᠲᠥᠰᠦᠯ ᠪᠣᠯᠤᠨ ᠲᠡᠳᠡᠭᠡᠷ ᠲᠡᠢ ᠬᠣᠯᠪᠣᠭᠳᠠᠭᠤᠯᠤᠨ ᠪᠣᠯᠪᠠᠰᠤᠷᠠᠭᠤᠯᠤᠭᠰᠠᠨ ᠪᠤᠰᠤᠳ ᠬᠠᠤᠯᠢ ᠲᠣᠭᠲᠠᠭᠠᠮᠵᠢ ᠶ᠋ᠢᠨ ᠲᠥᠰᠦᠯ ᠢ ᠡᠩ ᠲᠡᠷᠢᠬᠦᠨ ᠳᠦ ᠬᠡᠯᠡᠯᠴᠡᠨ᠎ᠡ᠃