ᠫᠧᠷᠦ᠋ ᠤᠯᠤᠰ ᠤ᠋ᠨ ᠯᠢᠮᠠ ᠬᠤᠲᠠ ᠳᠤ ᠪᠣᠯᠵᠤ ᠪᠣᠢ ᠥᠰᠪᠥᠷᠢ ᠶ᠋ᠢᠨ ᠵᠢᠦ᠋ᠳᠣ᠋ ᠪᠥᠬᠡ ᠶ᠋ᠢᠨ ᠳᠡᠯᠡᠬᠡᠢ ᠶ᠋ᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ᠌ ᠦᠬᠢᠳ ᠤ᠋ᠨ 48 ᠺᠢᠯᠦᠭᠷᠡᠮ ᠤ᠋ᠨ ᠵᠢᠩ ᠳ᠋ᠦ᠍ ᠵ∙ᠠᠨᠤᠳᠠᠷᠢ ᠮᠥᠩᠭᠥᠨ ᠮᠧᠳᠠᠯ ᠬᠦᠷᠲᠡᠯ᠎ᠡ᠃ ᠲᠡᠷᠡᠪᠡᠷ ᠰᠢᠪᠦᠭᠡ ᠶ᠋ᠢᠨ 16 ᠳ᠋ᠤ᠌ ᠬᠠᠰᠠᠭᠰᠲ᠋ᠠᠨ ᠤ᠋ ᠪᠦᠬᠡ ᠶᠢ ᠴᠡᠪᠡᠷ᠂ ᠨᠠᠢ᠌ᠮᠠ ᠳ᠋ᠤ᠌ ᠳᠡᠯᠡᠬᠡᠢ ᠶ᠋ᠢᠨ ᠴᠢᠨᠰᠠᠭ᠎ᠠ ᠶ᠋ᠢ ᠲᠡᠷᠢᠭᠦᠯᠡᠭᠴᠢ ᠭᠧᠷᠮᠠᠨ ᠤ᠋ ᠪᠦᠬᠡ ᠶᠢ ᠸᠠᠽᠠᠷ ᠢᠶᠠᠷ᠂ ᠰᠢᠪᠦᠭᠡ ᠶ᠋ᠢᠨ ᠳᠥᠷᠪᠡ ᠳ᠋ᠦ᠍ ᠫᠤᠯᠠᠨᠳ᠋ ᠤᠨ ᠪᠦᠬᠡ ᠶᠢ ᠢᠯᠠᠭᠰᠠᠨ ᠢ᠋ᠶ᠋ᠠᠷ ᠹᠢᠨᠠᠯ ᠳ᠋ᠤ᠌ ᠰᠢᠯᠭᠠᠷᠠᠵᠠᠢ᠃
ᠬᠠᠷᠢᠨ ᠠᠯᠲᠠᠨ ᠮᠧᠳᠠᠯ ᠤ᠋ᠨ ᠲᠦᠯᠦᠭᠡᠬᠢ ᠪᠠᠷᠢᠯᠳᠤᠭᠠᠨ ᠳ᠋ᠤ᠌ ᠪᠷᠠᠽᠢᠯ ᠤ᠋ᠨ ᠪᠦᠬᠡ ᠳᠦ ᠢᠯᠠᠭᠳᠠᠵᠠᠢ᠃ ᠲᠡᠷᠡ ᠣᠨ ᠭᠠᠷᠤᠭᠰᠠᠨ ᠠ᠋ᠴᠠ ᠬᠣᠶᠢᠰᠢ ᠧᠦ᠋ᠷᠣᠫᠠ ᠶ᠋ᠢᠨ ᠬᠣᠶᠠᠷ ᠴᠤᠪᠤᠷᠠᠯ ᠲᠡᠮᠡᠴᠡᠭᠡᠨ ᠳ᠋ᠦ᠍ ᠲᠦᠷᠦᠭᠦᠯᠡᠵᠦ᠂ ᠠᠯᠲᠠᠨ ᠮᠧᠳᠠᠯ ᠬᠦᠷᠲᠡᠭᠡᠳ ᠪᠠᠶᠢᠭᠰᠠᠨ ᠶᠤᠮ᠃