2024-2025 ᠣᠨ ᠤ᠋ ᠬᠢᠴᠢᠶᠡᠯ ᠤᠨ ᠵᠢᠯ ᠳ᠋ᠦ᠍ ᠰᠤᠷᠭᠠᠭᠤᠯᠢ ᠶ᠋ᠢᠨ ᠡᠮᠦᠨᠡᠬᠢ ᠪᠣᠯᠪᠠᠰᠤᠷᠠᠯ ᠪᠤᠶᠤ ᠴᠡᠴᠡᠷᠯᠢᠭ ᠲᠦ᠍ 292 ᠮᠢᠩᠭᠠᠨ ᠬᠡᠦᠬᠡᠳ ᠬᠠᠮᠤᠷᠤᠭᠳᠠᠨ᠎ᠠ᠃ ᠪᠣᠯᠪᠠᠰᠤᠷᠠᠯ ᠤ᠋ᠨ ᠰᠠᠶᠢᠳ ᠫ∙ᠨᠠᠷᠠᠨᠪᠠᠶᠠᠷ ᠬᠢᠴᠢᠶᠡᠯ ᠤᠨ ᠰᠢᠨ᠎ᠡ ᠵᠢᠯ ᠤᠨ ᠪᠡᠯᠡᠳᠬᠡᠯ ᠠᠵᠢᠯ ᠤ᠋ᠨ ᠲᠠᠯ᠎ᠠ ᠪᠠᠷ ᠬᠡᠪᠯᠡᠯ ᠤᠨ ᠬᠢᠨ ᠳ᠋ᠦ᠍ ᠥᠭᠭᠦᠭᠰᠡᠨ ᠮᠡᠳᠡᠭᠡᠯᠡᠯ ᠳ᠋ᠦ᠍ ᠪᠡᠨ᠄《ᠡᠨᠡ ᠵᠢᠯ ᠬᠦᠰᠡᠯᠲᠡ ᠭᠠᠷᠭᠠᠭᠰᠠᠨ ᠬᠡᠦᠬᠡᠳ ᠪᠦᠷᠢ ᠶ᠋ᠢ ᠴᠡᠴᠡᠷᠯᠢᠭ ᠲᠦ᠍ ᠬᠠᠮᠤᠷᠤᠭᠤᠯᠤᠨ᠎ᠠ》ᠭᠡᠮᠡᠨ ᠣᠨᠴᠠᠯᠠᠭᠰᠠᠨ ᠃
ᠡᠨᠡ ᠵᠢᠯ ᠳ᠋ᠦ᠍ ᠨᠡᠶᠢᠰᠯᠡᠯ ᠤᠨ ᠬᠡᠮᠵᠢᠶᠡᠨ ᠳ᠋ᠦ᠍ ᠦᠢᠯᠡ ᠠᠵᠢᠯᠯᠠᠭ᠎ᠠ ᠶᠠᠪᠤᠭᠤᠯᠵᠤ ᠪᠣᠢ ᠴᠡᠴᠡᠷᠯᠢᠭ ᠤᠳ ᠡᠴᠢᠭᠡ ᠡᠬᠡ᠂ ᠠᠰᠠᠷᠠᠨ ᠬᠠᠮᠠᠭᠠᠯᠠᠭᠴᠢᠳ ᠠ᠋ᠴᠠ ᠬᠣᠭᠣᠯᠠᠨ ᠤ᠋ ᠵᠠᠷᠤᠳᠠᠯ ᠳ᠋ᠤ᠌ ᠵᠣᠷᠢᠭᠤᠯᠵᠤ ᠡᠳᠦᠷ ᠲᠦ᠍ 1000 ᠲᠥᠭᠥᠷᠢᠭ ᠨᠡᠮᠡᠵᠦ ᠲᠥᠯᠥᠬᠦ ᠪᠡᠷ ᠪᠣᠯᠤᠭᠠᠳ ᠪᠣᠢ᠃ ᠢᠩᠭᠢᠭᠰᠡᠨ ᠢ᠋ᠶ᠋ᠡᠷ ᠲᠤᠬᠠᠢ ᠶ᠋ᠢᠨ ᠬᠡᠦᠬᠡᠳ ᠢᠯᠡᠭᠦᠦ ᠰᠢᠮ᠎ᠡ ᠲᠡᠵᠢᠭᠡᠯ ᠲᠡᠢ ᠬᠣᠭᠣᠯᠠ ᠬᠦᠨᠡᠰᠦ ᠬᠡᠷᠡᠭᠯᠡᠬᠦ ᠪᠣᠯᠤᠯᠴᠠᠭ᠎ᠠ ᠪᠦᠷᠢᠳᠦᠨ᠎ᠡ ᠭᠡᠵᠦ ᠰᠠᠯᠪᠤᠷᠢ ᠶ᠋ᠢᠨ ᠶᠠᠮᠤᠨ ᠠ᠋ᠴᠠ ᠦᠵᠡᠵᠡᠢ᠃