ᠠᠮᠧᠷᠢᠺᠠ ᠶᠢᠨ ᠡᠯᠴᠢᠨ ᠰᠠᠶᠢᠳ ᠤᠨ ᠶᠠᠮᠤᠨ ᠮᠣᠩᠭᠣᠯ ᠤᠨ ᠺᠢᠨᠣ᠋ ᠢᠨᠰᠲ᠋ᠢᠲ᠋ᠦᠲ ᠬᠠᠮᠲᠤᠷᠠᠨ《ᠠᠮᠧᠷᠢᠺᠠ ᠶᠢᠨ ᠪᠠᠷᠢᠮᠲᠠᠲᠤ ᠺᠢᠨᠣ᠋ ᠡᠳᠦᠷ ᠦᠳ 2024》 ᠶᠢ ᠭᠡᠭᠡᠨᠲᠡᠨ ᠺᠢᠨᠣ᠋ ᠲᠢᠶᠠᠲ᠋ᠷ ᠲᠤ ᠥᠨᠥᠳᠥᠷ ᠡᠬᠢᠯᠡᠭᠦᠯᠦᠨ᠎ᠡ᠃ ᠬᠥᠲᠥᠯᠪᠦᠷᠢ ᠶᠢ ᠠᠯᠳᠠᠷᠲᠤ ᠳᠠᠭᠤᠴᠢᠨ ᠲᠢᠨᠠ ᠲᠧᠷᠨᠧᠷ ᠤᠨ ᠨᠠᠮᠲᠠᠷ ᠪᠦᠲᠦᠭᠡᠯ ᠢᠶᠡᠷ ᠨᠡᠭᠡᠭᠡᠵᠦ᠂ ᠰᠧᠽᠠᠮ ᠭᠤᠳᠤᠮᠵᠢ᠂ ᠳᠡᠳ᠋ ᠪᠦᠲᠦᠴᠡ᠂ ᠪᠠᠶᠢᠭᠠᠯᠢ ᠣᠷᠴᠢᠨ᠂ ЛГБТИК+ ᠬᠦᠮᠦᠰ ᠦᠨ ᠡᠷᠬᠡ᠂ ᠨᠡᠶᠢᠭᠡᠮ ᠤᠨ ᠰᠦᠯᠵᠢᠶᠡᠨ ᠦ ᠬᠠᠭᠤᠷᠠᠮᠴᠢ ᠮᠡᠳᠡᠭᠡᠯᠡᠯ᠂ ᠨᠥᠯᠥᠭᠡᠯᠡᠭᠴᠢ ᠨᠠᠷ ᠤᠨ ᠲᠤᠬᠠᠢ ᠰᠣᠨᠢᠷᠬᠠᠯᠲᠠᠢ ᠪᠠᠷᠢᠮᠲᠠᠲᠤ ᠺᠢᠨᠤ᠋ ᠨᠤᠭᠤᠳ ᠢ ᠳᠥᠷᠪᠡᠨ ᠡᠳᠦᠷ ᠦᠨ ᠲᠤᠷᠰᠢ ᠬᠦᠷᠭᠡᠨ᠎ᠡ᠃
ᠺᠢᠨᠣ᠋ ᠡᠳᠦᠷ ᠦᠳ ᠡᠨᠡ ᠰᠠᠷ᠎ᠠ ᠶᠢᠨ 29 ᠬᠦᠷᠲᠡᠯ᠎ᠡ ᠦᠷᠭᠦᠯᠵᠢᠯᠡᠬᠦ ᠪᠥᠭᠡᠳ ᠦᠨ᠎ᠡ ᠲᠦᠯᠦᠪᠤᠷᠢ ᠦᠭᠡᠢ᠃
ᠰᠣᠯᠣᠩᠭᠣᠰ᠂ ᠮᠣᠩᠭᠣᠯ ᠥᠰᠪᠦᠷᠢ ᠶᠢᠨ ᠮᠣᠳᠧᠯ ᠤᠳ ᠵᠠᠭᠪᠤᠷ ᠤᠨ ᠲᠠᠶᠢᠰᠠᠨ᠎ᠠ ᠭᠠᠷᠪᠠ
ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠨᠡᠶᠢᠰᠯᠡᠯ ᠰᠸᠦ᠋ᠯ ᠬᠣᠲᠠ ᠶᠢᠨ ᠰᠣᠨᠪᠦᠭ ᠳᠡᠭᠦᠷᠭᠡ ᠳᠦ ᠰᠣᠯᠣᠩᠭᠣᠰ᠂ ᠮᠣᠩᠭᠣᠯ ᠥᠰᠪᠦᠷᠢ ᠶᠢᠨ ᠮᠣᠳᠧᠯ ᠤᠳ ᠤᠨ ᠬᠠᠮᠲᠤᠷᠠᠭᠰᠠᠨ 《Кids fashion week》 ᠠᠷᠭ᠎ᠠ ᠬᠡᠮᠵᠢᠶ᠎ᠡ ᠥᠩᠭᠡᠷᠡᠭᠰᠡᠨ ᠪᠢᠮᠪᠠ ᠭᠠᠷᠠᠭ ᠲᠤ ᠪᠣᠯᠵᠠᠢ᠃
ᠬᠣᠶᠠᠷ ᠤᠯᠤᠰ ᠤᠨ ᠬᠠᠷᠢᠯᠴᠠᠭᠠᠨ ᠤ ᠲᠡᠦᠬᠡᠨ ᠳᠦ ᠠᠩᠬ᠎ᠠ ᠤᠳᠠᠭ᠎ᠠ ᠪᠣᠯᠤᠭᠰᠠᠨ ᠡᠨᠡ ᠠᠷᠭ᠎ᠠ ᠬᠡᠮᠵᠢᠶ᠎ᠡ ᠶᠢ ᠰᠣᠨᠪᠦᠭ ᠳᠡᠭᠦᠷᠭᠡ ᠶᠢᠨ ᠵᠠᠬᠢᠷᠭ᠎ᠠ᠂ ᠮᠣᠩᠭᠣᠯ ᠤᠯᠤᠰ ᠤᠨ ᠨᠡᠶᠢᠰᠯᠡᠯ ᠦᠨ ᠬᠡᠦᠬᠡᠳ᠂ ᠭᠡᠷ ᠪᠦᠯᠢ ᠶᠢᠨ ᠬᠥᠭᠵᠢᠯ᠂ ᠬᠠᠮᠠᠭᠠᠯᠠᠯ ᠤᠨ ᠭᠠᠵᠠᠷ᠂ 《ᠪᠢᠴᠢᠬᠠᠨ ᠮᠢᠰᠰ》 ᠣᠯᠠᠨ ᠤᠯᠤᠰ ᠤᠨ ᠪᠠᠶᠢᠭᠤᠯᠤᠯᠭ᠎ᠠ᠂ ᠡᠮᠡᠭᠲᠡᠶᠢᠴᠦᠳ ᠦᠨ ᠳ᠋ᠤᠨᠳᠤᠺ ᠶᠡᠬᠡ ᠰᠤᠷᠭᠠᠭᠤᠯᠢ᠂ ᠡᠮᠦᠨᠡᠲᠦ ᠰᠣᠯᠣᠩᠭᠣᠰ ᠳᠠᠬᠢ ᠮᠣᠩᠭᠣᠯ ᠡᠮᠡᠭᠲᠡᠶᠢᠴᠦᠳ ᠦᠨ ᠬᠣᠯᠪᠣᠭ᠎ᠠ᠂ U ᠮᠣᠳᠧᠯ ᠬᠠᠮᠲᠤᠷᠠᠨ ᠵᠣᠬᠢᠶᠠᠨ ᠪᠠᠶᠢᠭᠤᠯᠤᠭᠰᠠᠨ ᠪᠥᠭᠡᠳ ᠰᠣᠯᠣᠩᠭᠣᠰ ᠴᠢᠯᠦᠭᠡᠲᠦ ᠬᠤᠪᠴᠠᠰᠤ᠂ ᠮᠣᠩᠭᠣᠯ ᠦᠨᠳᠦᠰᠦᠨ ᠦ ᠬᠤᠪᠴᠠᠰᠤᠨ ᠤ ᠵᠠᠭᠪᠤᠷ ᠤᠳ ᠢ ᠬᠣᠶᠠᠷ ᠣᠷᠣᠨ ᠤ ᠲᠥᠯᠥᠭᠡᠯᠡᠯ ᠪᠣᠯᠤᠭᠰᠠᠨ ᠪᠠᠭᠠᠴᠤᠳ ᠡᠮᠦᠰᠴᠦ ᠦᠵᠡᠭᠴᠢᠳ ᠦᠨ ᠬᠦᠷᠲᠡᠭᠡᠯ ᠪᠣᠯᠭᠠᠭᠰᠠᠨ ᠪᠠᠶᠢᠨ᠎ᠠ᠃ ᠰᠣᠯᠣᠩᠭᠣᠰ᠂ ᠮᠣᠩᠭᠣᠯ ᠥᠰᠪᠦᠷᠢ ᠶᠢᠨ ᠮᠣᠳᠧᠯ ᠤᠳ ᠵᠠᠭᠪᠤᠷ ᠡᠮᠦᠰᠬᠦ ᠡᠴᠡ ᠭᠠᠳᠠᠨ᠎ᠠ ᠤᠷᠠᠯᠢᠭ ᠤᠨ ᠣᠯᠠᠨ ᠲᠥᠷᠥᠯ ᠦᠨ ᠠᠪᠢᠶᠠᠰ ᠢᠶᠠᠨ ᠴᠡᠩᠭᠡᠭᠦᠨ ᠦ ᠬᠥᠲᠥᠯᠪᠦᠷᠢ ᠳᠦ ᠪᠠᠭᠲᠠᠭᠰᠠᠨ ᠦᠵᠡᠭᠦᠯᠪᠦᠷᠢ ᠨᠦᠭᠦᠳ ᠢᠶᠡᠷ ᠦᠵᠡᠭᠴᠢᠳ ᠲᠦ ᠰᠣᠨᠢᠷᠬᠠᠭᠤᠯᠵᠠᠢ᠃