ᠮᠣᠩᠭᠣᠯ ᠣᠶᠤᠨ ᠤ ᠳᠠᠪᠲᠠᠭᠳᠠᠰᠢ ᠦᠭᠡᠢ ᠥᠪ᠂ ᠦᠨᠳᠦᠰᠦᠨ ᠦ ᠤᠷᠲᠤ ᠶᠢᠨ ᠳᠠᠭᠤᠤ ᠶᠢᠨ ᠤᠷ᠎ᠠ ᠶᠢᠨ ᠰᠠᠩ ᠢ ᠪᠠᠶᠠᠵᠢᠭᠤᠯᠬᠤ᠂ ᠥᠪᠯᠡᠨ ᠤᠯᠠᠮᠵᠢᠯᠠᠭᠤᠯᠬᠤ᠂ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ᠵᠠᠭᠤᠨ ᠤ ᠮᠠᠩᠯᠠᠢ ᠤᠷᠲᠤ ᠶᠢᠨ ᠳᠠᠭᠤᠴᠢᠨ ᠵᠢᠭᠵᠡᠪ ᠦᠨ ᠳᠣᠷᠵᠢᠳᠠᠭᠪᠠ ᠶᠢᠨ ᠮᠡᠨᠳᠦᠯᠡᠭᠰᠡᠨ ᠦ 120 ᠣᠢ ᠶᠢᠨ ᠨᠡᠷᠡᠮᠵᠢᠲᠦ ᠤᠷᠲᠤ ᠶᠢᠨ ᠳᠠᠭᠤᠤ ᠳᠠᠭᠤᠯᠠᠭᠠᠴᠢᠳ ᠤᠨ ᠤᠯᠤᠰ ᠤᠨ ᠤᠷᠤᠯᠳᠤᠭᠠᠨ ᠪᠣᠯᠤᠨ᠎ᠠ᠃
ᠤᠷᠤᠯᠳᠤᠭᠠᠨ ᠢᠷᠡᠬᠦ ᠶᠢᠰᠦᠳᠦᠭᠡᠷ ᠰᠠᠷ᠎ᠠ ᠶᠢᠨ 21-23 ᠤ ᠬᠣᠭᠣᠷᠣᠨᠳᠣ ᠤᠯᠠᠭᠠᠨᠪᠠᠭᠠᠲᠤᠷ ᠬᠤᠲᠠᠨ᠎ᠠ᠂ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠶᠢᠨ ᠢᠪᠡᠭᠡᠯ ᠳᠣᠣᠷ᠎ᠠ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠤᠷᠤᠯᠳᠤᠭᠠᠨ ᠤ ᠭᠷᠡᠨᠫᠡᠷᠢ ᠱᠠᠩᠨᠠᠯᠲᠠᠨ ᠢ ᠨᠡᠶᠢᠰᠯᠡᠯ ᠦᠨ ᠵᠠᠰᠠᠭ ᠳᠠᠷᠤᠭ᠎ᠠ ᠶᠢᠨ ᠨᠡᠷᠡᠮᠵᠢᠲᠦ ᠱᠠᠩᠨᠠᠯ ᠪᠤᠶᠤ ᠪᠠᠲᠤᠯᠠᠮᠵᠢ᠂ 20.000.000 ᠲᠥᠭᠥᠷᠢᠭ ᠢᠶᠡᠷ ᠱᠠᠩᠨᠠᠬᠤ ᠶᠢᠨ ᠵᠡᠷᠭᠡᠴᠡᠭᠡ ᠭᠤᠷᠪᠠᠨ ᠵᠡᠷᠭᠡᠯᠡᠯ ᠢᠶᠡᠷ ᠰᠢᠯᠢᠳᠡᠭ ᠦᠳ ᠢ ᠲᠣᠳᠣᠷᠠᠭᠤᠯᠤᠨ ᠵᠣᠬᠢᠶᠠᠨ ᠪᠠᠶᠢᠭᠤᠯᠤᠨ᠎ᠠ᠃ ᠡᠭᠦᠨ ᠳᠦ᠄
ᠮᠡᠷᠭᠡᠵᠢᠯ ᠦᠨ ᠳᠠᠭᠤᠴᠢᠳ᠂ ᠮᠡᠷᠭᠡᠵᠢᠯ ᠦᠨ ᠶᠡᠬᠡ ᠳᠡᠭᠡᠳᠦ ᠰᠤᠷᠭᠠᠭᠤᠯᠢ ᠶᠢᠨ ᠭᠤᠷᠪᠠ ᠪᠣᠯᠤᠨ ᠳᠥᠷᠪᠡᠳᠦᠭᠡᠷ ᠳᠠᠮᠵᠢᠶᠠᠨ ᠤ ᠤᠶᠤᠲᠠᠳ᠂ ᠠᠷᠠᠳ ᠤᠨ ᠠᠪᠢᠶᠠᠰᠲᠠᠨ᠂ ᠮᠡᠷᠭᠡᠵᠢᠯ ᠦᠨ ᠶᠡᠬᠡ ᠳᠡᠭᠡᠳᠦ ᠰᠤᠷᠭᠠᠭᠤᠯᠢ ᠶᠢᠨ ᠨᠢᠭᠡ ᠪᠣᠯᠤᠨ ᠬᠣᠶᠠᠳᠤᠭᠠᠷ ᠳᠠᠮᠵᠢᠶᠠᠨ ᠤ ᠤᠶᠤᠲᠠᠳ᠂ ᠥᠰᠪᠦᠷᠢ ᠶᠢᠨ ᠤᠷᠲᠤ ᠶᠢᠨ ᠳᠠᠭᠤᠴᠢᠳ ᠪᠤᠶᠤ 17 ᠨᠠᠰᠤᠨ ᠤ ᠬᠡᠦᠬᠡᠳ ᠦᠳ ᠭᠡᠰᠡᠨ ᠠᠩᠭᠢᠯᠠᠯ ᠤᠨ ᠳᠠᠭᠠᠤ ᠪᠣᠯᠤᠨ᠎ᠠ᠃