ᠹᠷᠠᠨᠼᠢ ᠵᠢᠭᠤᠯᠴᠢᠨ ᠮᠠᠰᠢᠨ ᠲᠡᠷᠭᠡ ᠪᠡᠷ ᠭᠤᠷᠪᠠᠨ ᠲᠡᠮᠡᠭᠡ ᠮᠥᠷᠭᠥᠵᠦ᠂ ᠣᠰᠣᠯ ᠭᠠᠷᠭᠠᠵᠠᠢ | News.MN

ᠹᠷᠠᠨᠼᠢ ᠵᠢᠭᠤᠯᠴᠢᠨ ᠮᠠᠰᠢᠨ ᠲᠡᠷᠭᠡ ᠪᠡᠷ ᠭᠤᠷᠪᠠᠨ ᠲᠡᠮᠡᠭᠡ ᠮᠥᠷᠭᠥᠵᠦ᠂ ᠣᠰᠣᠯ ᠭᠠᠷᠭᠠᠵᠠᠢ

ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠢᠷᠭᠡᠨ ᠨᠠᠢ᠌ᠮᠠᠳᠤᠭᠠᠷ ᠰᠠᠷ᠎ᠠ ᠶᠢᠨ 20  ᠳᠤ ᠳᠤᠮᠳᠠᠭᠤᠪᠢ ᠠᠶᠢᠮᠠᠭ ᠤᠨ ᠬᠤᠯᠠᠳᠤ ᠰᠤᠮᠤ ᠶᠢᠨ ᠨᠤᠲᠤᠭ ᠲᠤ ᠮᠠᠰᠢᠨ ᠲᠡᠷᠭᠡ ᠲᠠᠢ ᠣᠰᠣᠯᠳᠠᠭᠰᠠᠨ ᠬᠡᠷᠡᠭ ᠭᠠᠷᠴᠠᠢ᠃ ᠲᠤᠬᠠᠢᠯᠠᠪᠠᠯ ᠮᠠᠰᠢᠨ ᠲᠡᠷᠭᠡᠨ ᠦ ᠪᠡᠨ ᠬᠤᠷᠳᠤ ᠶᠢ ᠬᠡᠲᠦᠷᠡᠭᠦᠯᠦᠭᠰᠡᠨ ᠦ ᠤᠯᠠᠮ ᠠᠴᠠ ᠭᠤᠷᠪᠠᠨ ᠲᠡᠮᠡᠭᠡ ᠮᠥᠷᠭᠥᠵᠦ᠂ ᠣᠰᠣᠯ ᠭᠠᠷᠭᠠᠭᠰᠠᠨ ᠪᠣᠯᠬᠤ ᠶᠢ ᠲᠣᠭᠲᠠᠭᠠᠭᠰᠠᠨ ᠪᠠᠶᠢᠨ᠎ᠠ᠃

ᠳᠤᠮᠳᠠᠭᠤᠪᠢ ᠠᠶᠢᠮᠠᠭ ᠤᠨ ᠴᠠᠭᠳᠠᠭ᠎ᠠ ᠶᠢᠨ ᠭᠠᠵᠠᠷ ᠲᠤᠬᠠᠢ ᠶᠢᠨ ᠭᠠᠳᠠᠭᠠᠳᠤ ᠶᠢᠨ ᠢᠷᠭᠡᠨ ᠳᠦ ᠬᠡᠷᠡᠭ ᠡᠭᠦᠰᠬᠡᠨ ᠰᠢᠯᠭᠠᠵᠤ ᠪᠠᠶᠢᠭ᠎ᠠ ᠪᠥᠭᠡᠳ ᠣᠰᠣᠯ ᠤᠨ ᠤᠯᠠᠮ ᠠᠴᠠ ᠭᠤᠷᠪᠠᠨ ᠲᠡᠮᠡᠭᠡ ᠭᠠᠵᠠᠷ ᠳᠡᠭᠡᠷ᠎ᠡ ᠪᠡᠨ ᠦᠬᠦᠵᠦ᠂ 2024 ᠣᠨ ᠳᠤ ᠦᠢᠯᠡᠳᠪᠦᠷᠢᠯᠡᠭᠳᠡᠭᠰᠡᠨ ᠫᠠᠲᠷᠢᠶᠤᠲ ᠮᠠᠷᠺ ᠤᠨ ᠠᠦ᠋ᠲ᠋ᠣᠮᠠᠰᠢᠨ ᠨᠢ ᠵᠠᠰᠠᠪᠤᠷᠢᠯᠠᠬᠤ ᠪᠣᠯᠤᠮᠵᠢ ᠦᠭᠡᠢ ᠪᠡᠷ ᠰᠤᠢᠳᠤᠭ᠍ᠰᠡᠨ ᠪᠠᠶᠢᠨ᠎ᠠ᠃

ᠲᠡᠭᠡᠪᠡᠯ᠂ ᠣᠰᠣᠯ ᠭᠠᠷᠭᠠᠭᠰᠠᠨ ᠵᠢᠭᠤᠯᠴᠢᠨ ᠨᠢ ᠬᠣᠬᠢᠷᠠᠯ ᠢᠶᠠᠨ ᠪᠠᠷᠠᠭᠳᠠᠭᠤᠯᠬᠤ ᠠᠴᠠ ᠲᠠᠲᠠᠭᠠᠯᠵᠠᠭᠰᠠᠨ ᠪᠠᠶᠢᠨ᠎ᠠ᠃ ᠮᠣᠩᠭᠣᠯ ᠤᠯᠤᠰ ᠲᠤ ᠥᠷᠢ ᠲᠥᠯᠥᠪᠦᠷᠢ ᠲᠡᠢ ᠭᠠᠳᠠᠭᠠᠳᠤ ᠤᠯᠤᠰ ᠤᠨ ᠢᠷᠭᠡᠨ ᠬᠢᠯᠢ ᠪᠡᠷ ᠭᠠᠳᠠᠭᠰᠢ ᠭᠠᠷᠤᠭᠰᠠᠨ ᠨᠥᠬᠥᠴᠡᠯ ᠳᠦ ᠬᠣᠬᠢᠷᠠᠯ ᠢᠶᠠᠨ ᠲᠥᠯᠥᠭᠦᠯᠬᠦ ᠪᠣᠯᠤᠮᠵᠢ ᠦᠭᠡᠢ ᠪᠣᠯᠳᠠᠭ ᠪᠠᠶᠢᠨ᠎ᠠ᠃

 

ᠰᠡᠳᠬᠢᠭᠳᠡᠯ ᠦᠯᠡᠳᠡᠭᠡᠬᠦ