ᠮᠣᠩᠭᠣᠯ ᠤᠨ ᠤᠷᠠᠨ ᠵᠢᠷᠤᠭ ᠤᠨ ᠭᠠᠯᠧᠷᠧᠢ ᠨᠢ ᠬᠥᠳᠡᠯᠮᠦᠷᠢ ᠶᠢᠨ ᠪᠠᠭᠠᠲᠤᠷ᠂ ᠠᠷᠠᠳ ᠤᠨ ᠵᠢᠷᠤᠭᠠᠴᠢ᠂ ᠲᠥᠷᠥ ᠶᠢᠨ ᠰᠣᠶᠣᠷᠬᠠᠯᠳᠤ᠂ ᠤᠷᠠᠯᠢᠭ ᠤᠨ ᠭᠠᠪᠢᠶᠠᠲᠤ ᠵᠢᠳᠬᠦᠯᠲᠡᠨ ᠨᠢᠮᠠᠠᠤᠳᠽᠠᠷ ᠤᠨ ᠴᠦᠯᠲᠦᠮ ᠦᠨ ᠮᠡᠨᠳᠦᠯᠡᠭᠰᠡᠨ ᠦ 100 ᠨᠠᠰᠤᠨ ᠤ ᠣᠢ ᠳᠤ ᠵᠣᠷᠢᠭᠤᠯᠤᠨ 《ᠮᠣᠩᠭᠣᠯ ᠤᠨ ᠳᠦᠷᠰᠦᠯᠡᠬᠦ ᠤᠷᠠᠯᠢᠭ ᠲᠤ ᠵᠣᠷᠢᠭᠤᠯᠤᠭᠰᠠᠨ 100 ᠵᠢᠯ》ᠲᠤᠰᠬᠠᠢ ᠦᠵᠡᠰᠬᠦᠯᠡᠩ ᠢ ᠵᠣᠬᠢᠶᠠᠨ ᠪᠠᠶᠢᠭᠤᠯᠵᠤ ᠪᠠᠶᠢᠨ᠎ᠠ᠃
ᠨ ∙ ᠴᠦᠯᠲᠦᠮ ᠨᠢ ᠳᠦᠷᠰᠦᠯᠡᠬᠦ ᠤᠷᠠᠯᠢᠭ ᠤᠨ ᠣᠯᠠᠨ ᠠᠷᠪᠢᠨ ᠰᠣᠷ ᠪᠦᠲᠦᠭᠡᠯ ᠢ ᠲᠤᠭᠤᠷᠪᠢᠭᠰᠠᠨ ᠤᠷᠠᠨ ᠪᠦᠲᠦᠭᠡᠯᠴᠢ ᠲᠡᠳᠦᠢ ᠦᠭᠡᠢ 《ᠮᠣᠩᠭᠣᠯ ᠤᠨ ᠳᠦᠷᠰᠦᠯᠡᠬᠦ ᠤᠷᠠᠯᠢᠭ ᠤᠨ ᠲᠣᠶᠢᠮᠣ》ᠰᠤᠳᠤᠯᠭ᠎ᠠ ᠪᠠᠷ ᠳᠡᠳ᠋ ᠳ᠋ᠣᠺᠲ᠋ᠣᠷ ᠤᠨ ᠵᠡᠷᠭᠡ ᠬᠠᠮᠠᠭᠠᠯᠠᠭᠰᠠᠨ ᠤᠷᠠᠯᠢᠭ ᠰᠤᠳᠤᠯᠤᠯ ᠤᠨ ᠤᠬᠠᠭᠠᠨ ᠤ ᠠᠩᠬᠠᠨ ᠤ ᠡᠷᠳᠡᠮᠲᠡᠨ ᠶᠤᠮ᠃ ᠲᠡᠷᠡ ᠪᠡᠷ ᠠᠮᠢᠳᠤᠷᠠᠯ ᠤᠨ ᠢᠶᠠᠨ 60 ᠭᠠᠷᠤᠢ ᠵᠢᠯ ᠢ ᠳᠦᠷᠰᠦᠯᠡᠬᠦ ᠤᠷᠠᠯᠢᠭ ᠤᠨ ᠰᠠᠯᠪᠤᠷᠢ ᠶᠢᠨ ᠬᠥᠭᠵᠢᠯ ᠳᠤ ᠵᠣᠷᠢᠭᠤᠯᠵᠤ᠂ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠶᠢ ᠡᠭᠦᠰᠬᠡᠨ ᠪᠠᠶᠢᠭᠤᠯᠬᠤ ᠶᠢᠨ ᠵᠡᠷᠭᠡᠴᠡᠭᠡ ᠳᠦᠷᠰᠦᠯᠡᠬᠦ ᠤᠷᠠᠯᠢᠭ ᠤᠨ ᠰᠤᠷᠭᠠᠭᠤᠯᠢ ᠶᠢ ᠪᠡᠶ᠎ᠡ ᠳᠠᠭᠠᠭᠠᠭᠰᠠᠨ ᠰᠤᠷᠭᠠᠭᠤᠯᠢ ᠪᠣᠯᠭᠠᠭᠰᠠᠨ᠃
ᠨᠡᠷᠡᠲᠦ ᠵᠢᠷᠤᠭᠠᠴᠢ ᠶᠢᠨ 100 ᠨᠠᠰᠤᠨ ᠤ ᠣᠢ ᠳᠤ ᠵᠣᠷᠢᠭᠤᠯᠤᠨ《ᠤᠷᠠᠯᠢᠭ ᠤᠨ ᠪᠦᠲᠦᠭᠡᠯ ᠦᠷᠡᠴᠢᠯᠡᠭᠦᠯᠬᠦ》ᠬᠥᠲᠥᠯᠪᠦᠷᠢ ᠶᠢᠨ ᠬᠦᠷᠢᠶᠡᠨ ᠳᠦ ᠮᠣᠩᠭᠣᠯ ᠤᠨ ᠬᠤᠷᠢᠳᠤᠭᠠᠷ ᠵᠠᠭᠤᠨ ᠤ ᠳᠦᠷᠰᠦᠯᠡᠬᠦ ᠤᠷᠠᠯᠢᠭ ᠤᠨ ᠰᠣᠷ ᠪᠦᠲᠦᠭᠡᠯ《ᠬᠤᠷᠮᠤᠰᠲᠠ ᠶᠢᠨ ᠴᠢᠭᠤᠯᠭ᠎ᠠ》ᠤᠷᠠᠨ ᠵᠢᠷᠤᠭ ᠢ ᠰᠤᠶᠤᠯ ᠤᠨ ᠥᠪ ᠦᠨ ᠦᠨᠳᠦᠰᠦᠨ ᠦ ᠲᠥᠪ᠂ ᠰᠤᠶᠤᠯ ᠤᠨ ᠥᠪ ᠦᠨ ᠰᠦᠯᠵᠢᠶ᠎ᠡ᠂ ᠬᠠᠷᠢᠯᠴᠠᠭ᠎ᠠ ᠬᠣᠯᠪᠣᠭᠠᠨ ᠤ ᠵᠥᠪᠯᠡᠯ ᠲᠡᠢ ᠬᠠᠮᠲᠤᠷᠠᠨ ᠰᠡᠷᠭᠦᠭᠡᠨ ᠵᠠᠰᠠᠪᠤᠷᠢᠯᠠᠵᠤ 15 ᠵᠢᠯ ᠦᠨ ᠳᠠᠷᠠᠭ᠎ᠠ ᠦᠵᠡᠭᠴᠢᠳ ᠲᠦ ᠲᠣᠯᠢᠯᠠᠭᠤᠯᠬᠤ ᠳᠤ ᠪᠡᠯᠡᠨ ᠪᠣᠯᠤᠯ᠎ᠠ᠃
ᠮᠦᠨ ᠦᠵᠡᠰᠬᠦᠯᠡᠩ ᠳᠦ ᠮᠣᠩᠭᠣᠯ ᠤᠨ ᠤᠷᠠᠨ ᠵᠢᠷᠤᠭ ᠤᠨ ᠭᠠᠯᠧᠷᠧᠢ ᠶᠢᠨ ᠰᠠᠩ ᠬᠥᠮᠥᠷᠭᠡ ᠳᠦ ᠬᠠᠳᠠᠭᠠᠯᠠᠭᠳᠠᠳᠠᠭ ᠨ ∙ ᠴᠦᠯᠲᠦᠮ ᠦᠨ 30 ᠭᠠᠷᠤᠢ ᠪᠦᠲᠦᠭᠡᠯ ᠢ ᠳᠡᠭᠡᠵᠢᠯᠡᠨ ᠪᠦᠷᠢᠨ ᠬᠡᠮᠵᠢᠶᠡᠨ ᠦ ᠪᠠᠷᠢᠮᠲᠠᠲᠤ ᠺᠢᠨᠤ᠋ ᠶᠢᠨ ᠬᠠᠮᠲᠤ ᠳᠡᠯᠭᠡᠨ ᠲᠣᠯᠢᠯᠠᠭᠤᠯᠬᠤ ᠶᠤᠮ᠃