ᠬᠡᠷᠡᠭᠯᠡᠭᠡᠨ ᠦ ᠪᠠᠷᠠᠭ᠎ᠠ᠂ ᠦᠢᠯᠡᠴᠢᠯᠡᠭᠡᠨ ᠦ ᠦᠨ᠎ᠡ ᠳᠤᠯᠤᠳᠤᠭᠠᠷ ᠰᠠᠷ᠎ᠠ ᠳᠤ ᠤᠯᠤᠰ ᠤᠨ ᠬᠡᠮᠵᠢᠶᠡᠨ ᠳᠦ ᠡᠮᠦᠨᠡᠬᠢ ᠣᠨ ᠤ ᠮᠥᠨ ᠦᠶ᠎ᠡ ᠡᠴᠡ 5.5 ᠬᠤᠪᠢ᠂ ᠡᠮᠦᠨᠡᠬᠢ ᠣᠨ ᠤ ᠡᠴᠦᠰ ᠡᠴᠡ 4.4 ᠬᠤᠪᠢ᠂ ᠡᠮᠦᠨᠡᠬᠢ ᠰᠠᠷ᠎ᠠ ᠠᠴᠠ 0.1 ᠬᠤᠪᠢ ᠪᠠᠷ ᠥᠰᠦᠭᠰᠡᠨ ᠬᠡᠮᠡᠨ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠯ᠎ᠡ᠃
ᠢᠨᠹᠯᠢᠶᠠᠼ ᠲᠤ ᠪᠧᠨ᠋ᠽᠢᠨ᠂ ᠲᠦᠯᠡᠰᠢᠨ ᠡᠴᠡ ᠪᠤᠰᠤᠳ ᠢᠮᠫᠣᠷᠲ ᠤᠨ ᠪᠠᠷᠠᠭᠠᠨ ᠤ ᠦᠨ᠎ᠡ 1.9 ᠨᠢᠭᠡᠴᠡ︵35.4%︶ ᠬᠤᠪᠢ ᠪᠠᠷ᠂ ᠮᠢᠬ᠎ᠠ᠂ ᠬᠠᠲᠠᠭᠤ ᠲᠦᠯᠡᠰᠢᠨ ᠡᠴᠡ ᠪᠤᠰᠤᠳ ᠳᠣᠲᠣᠭᠠᠳᠤ ᠶᠢᠨ ᠪᠠᠷᠠᠭᠠᠨ ᠤ ᠦᠨ᠎ᠡ 3.3 ᠨᠢᠭᠡᠴᠡ︵60.4%︶ ᠬᠤᠪᠢ ᠪᠠᠷ ᠨᠥᠯᠦᠭᠡᠯᠡᠵᠡᠢ᠃