ᠤᠯᠤᠰ ᠤᠨ ᠶᠡᠬᠡ ᠬᠤᠷᠠᠯ ᠤᠨ ᠳᠠᠷᠤᠭ᠎ᠠ ᠳ ∙ ᠠᠮᠤᠷᠪᠠᠶᠠᠰᠬᠤᠯᠠᠩ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠠᠲ᠋ᠦ᠋ᠯ ᠮᠠᠯᠬᠠᠷᠢ ᠭᠤᠲᠰᠤᠷᠸᠸ ᠶᠢ ᠠᠷᠪᠠᠨ ᠬᠤᠶᠠᠷ ᠲᠤ ᠬᠦᠯᠢᠶᠡᠨ ᠠᠪᠴᠤ ᠠᠭᠤᠯᠵᠠᠪᠠ᠃ ᠠᠭᠤᠯᠵᠠᠯᠲᠠ ᠶᠢᠨ ᠡᠬᠢᠨ ᠳᠦ᠂ ᠳ∙ᠠᠮᠤᠷᠪᠠᠶᠠᠰᠬᠤᠯᠠᠩ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠲᠤᠩᠬᠠᠭᠯᠠᠭᠰᠠᠨ ᠤ 78 ᠵᠢᠯ ᠦᠨ ᠣᠢ ᠶᠢᠨ ᠮᠡᠨᠳᠦ ᠶᠢ ᠳᠡᠪᠰᠢᠭᠦᠯᠦᠭᠡᠳ᠂ ᠲᠤᠰ ᠤᠯᠤᠰ ᠲᠠᠢ ᠬᠥᠭᠵᠢᠭᠦᠯᠵᠦ ᠪᠤᠢ 《ᠰᠲᠷᠠᠲ᠋ᠧᠭᠢ ᠶᠢᠨ ᠲᠦᠩᠰᠢᠯᠡᠯ》 ᠦᠨ ᠬᠠᠷᠢᠯᠴᠠᠭ᠎ᠠ ᠪᠦᠬᠦ ᠰᠠᠯᠪᠤᠷᠢ ᠳᠤ ᠭᠦᠨᠵᠡᠭᠡᠶᠢᠷᠡᠨ ᠬᠥᠭᠵᠢᠵᠦ ᠪᠠᠶᠢᠭ᠎ᠠ ᠳᠤ ᠪᠠᠶᠠᠷ ᠲᠠᠢ ᠪᠠᠶᠢᠭ᠎ᠠ ᠪᠠᠨ ᠢᠯᠡᠷᠬᠡᠶᠢᠯᠡᠪᠡ᠃ ᠮᠥᠨ ᠲᠡᠷᠡᠪᠡᠷ ᠮᠣᠩᠭᠣᠯ᠂ ᠡᠨᠡᠳᠬᠡᠭ ᠦᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ᠂ ᠤᠯᠤᠰ ᠲᠥᠷᠥ ᠶᠢᠨ ᠬᠠᠷᠢᠯᠴᠠᠨ ᠢᠲᠡᠭᠡᠯᠴᠡᠯ᠂ ᠣᠶᠢᠯᠠᠭᠠᠯᠴᠠᠯ ᠢ ᠪᠡᠬᠢᠵᠢᠭᠦᠯᠬᠦ ᠳᠦ ᠬᠠᠤᠯᠢ ᠲᠣᠭᠲᠠᠭᠠᠬᠤ ᠪᠠᠶᠢᠭᠤᠯᠤᠯᠭ᠎ᠠ ᠬᠣᠭᠣᠷᠣᠨᠳᠣ ᠶᠢᠨ ᠬᠠᠮᠲᠤ ᠶᠢᠨ ᠠᠵᠢᠯᠯᠠᠭ᠎ᠠ ᠴᠢᠬᠤᠯᠠ ᠡᠭᠦᠷᠭᠡ ᠭᠦᠢᠴᠡᠳᠭᠡᠵᠦ ᠢᠷᠡᠭᠰᠡᠨ ᠢ ᠣᠨᠴᠠᠯᠠᠪᠠ᠃
ᠡᠯᠴᠢᠨ ᠰᠠᠶᠢᠳ ᠠᠲ᠋ᠦ᠋ᠯ ᠮᠠᠯᠬᠠᠷᠢ ᠭᠤᠲᠰᠤᠷᠸᠸ ᠤᠯᠤᠰ ᠤᠨ ᠶᠡᠬᠡ ᠬᠤᠷᠠᠯ ᠤᠨ ᠳᠠᠷᠤᠭ᠎ᠠ ᠪᠠᠷ ᠰᠣᠩᠭᠣᠭᠳᠠᠭᠰᠠᠨ ᠳᠤ ᠨᠢ ᠪᠠᠶᠠᠷ ᠬᠦᠷᠭᠡᠭᠡᠳ ᠡᠳ᠋ ᠦᠨ ᠵᠠᠰᠠᠭ᠂ ᠠᠭᠤᠯᠠ ᠠᠭᠤᠷᠬᠠᠢ᠂ ᠰᠤᠶᠤᠯ᠂ ᠪᠣᠯᠪᠠᠰᠤᠷᠠᠯ᠂ ᠰᠢᠨᠵᠢᠯᠡᠬᠦ ᠤᠬᠠᠭᠠᠨ᠂ ᠬᠦᠮᠦᠯᠢᠭ ᠵᠡᠷᠭᠡ ᠰᠠᠯᠪᠤᠷᠢ ᠳᠤ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠢᠯᠡᠷᠬᠡᠢᠯᠡᠭᠡᠳ᠂ 2025 ᠣᠨ ᠳᠤ ᠪᠣᠯᠬᠤ ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠶᠢᠨ ᠬᠦᠷᠢᠶᠡᠨ ᠳᠦ ᠮᠡᠳᠡᠭᠡᠯᠡᠯ ᠲᠧᠭᠨᠣᠯᠣᠭᠢ ᠶᠢᠨ ᠰᠤᠷᠭᠠᠯᠲᠠ ᠶᠢᠨ ᠲᠥᠪ᠂ ᠮᠣᠩᠭᠣᠯ᠂ ᠡᠨᠡᠳᠬᠡᠭ ᠦᠨ ᠬᠠᠮᠲᠤᠷᠠᠭᠰᠠᠨ ᠨᠠᠶᠢᠷᠠᠮᠳᠠᠯ ᠤᠨ ᠰᠤᠷᠭᠠᠭᠤᠯᠢ ᠶᠢ ᠠᠰᠢᠭᠯᠠᠯᠲᠠ ᠳᠤ ᠤᠷᠤᠭᠤᠯᠬᠤ ᠭᠡᠵᠦ ᠪᠤᠢ ᠲᠤᠬᠠᠢ ᠣᠨᠴᠠᠯᠠᠪᠠ᠃