ᠮᠡᠷᠭᠡᠵᠢᠯ ᠦᠨ ᠰᠦᠮᠣ᠋ ᠶᠢᠨ ᠨᠠᠭᠤᠶᠠ ᠪᠠᠱᠶᠤ᠋ ᠶᠢᠨ ᠳᠠᠷᠠᠭ᠎ᠠ ᠵᠤᠳᠤᠭ ᠲᠠᠶᠢᠯᠤᠭᠰᠠᠨ 11 ᠪᠥᠬᠡ ᠶᠢᠨ ᠨᠡᠷ᠎ᠡ ᠶᠢ ᠰᠦᠮᠣ᠋ ᠪᠥᠬᠡ ᠶᠢᠨ ᠬᠣᠯᠪᠣᠭᠠᠨ ᠠᠴᠠ ᠵᠠᠷᠯᠠᠯ᠎ᠠ᠃ ᠲᠡᠳᠡᠨ ᠦ ᠳᠤᠮᠳᠠ ᠬᠣᠶᠠᠷ ᠮᠣᠩᠭᠣᠯ ᠪᠥᠬᠡ ᠪᠠᠶᠢᠭ᠎ᠠ ᠠᠴᠠ ᠡᠬᠢᠨ ᠦ ᠬᠢᠨᠢ ᠠᠷᠦᠮᠠ ᠪ ∙ ᠲᠦᠷᠲᠣᠭᠲᠠᠬᠤ ᠶᠤᠮ᠃ ᠲᠡᠭᠦᠨ ᠦ ᠳᠡᠭᠡᠳᠦ ᠠᠮᠵᠢᠯᠲᠠ ᠨᠢ ᠮᠠᠺᠤᠰᠢᠲ᠋ᠠ ᠶᠢᠨ ᠵᠡᠭᠦᠨ ᠦ 23 ᠳ᠋ᠤᠭᠠᠷ ᠲᠤ ᠡᠷᠡᠮᠪᠡᠯᠡᠭᠳᠡᠭᠰᠡᠨ᠃ ᠲᠠᠪᠤᠳᠤᠭᠠᠷ ᠰᠠᠷ᠎ᠠ ᠳᠤ ᠮᠠᠺᠤᠰᠢᠲ᠋ᠠ ᠶᠢᠨ 54 ᠳᠡᠭᠡᠷ᠎ᠡ ᠡᠷᠡᠮᠪᠡᠯᠡᠭᠳᠡᠬᠦ ᠳᠦ ᠪᠡᠨ ᠨᠢᠭᠡ ᠢᠯᠠᠵᠤ᠂ ᠵᠢᠷᠭᠤᠭ᠎ᠠ ᠤᠨᠠᠭᠰᠠᠨ᠃ ᠬᠠᠷᠢᠨ ᠨᠠᠭᠤᠶᠠ ᠪᠠᠱᠶᠤ᠋ ᠶᠢ ᠪᠡᠷᠲᠡᠯ ᠦᠨ ᠤᠯᠠᠮ ᠠᠴᠠ ᠥᠨᠵᠢᠭᠰᠡᠨ ᠨᠢ ᠵᠣᠳᠣᠭ ᠲᠠᠶᠢᠯᠬᠤ ᠳᠤ ᠨᠥᠯᠦᠭᠡᠯᠡᠵᠡᠢ᠃
ᠬᠤᠶᠠᠳᠠᠬᠢ ᠪᠥᠬᠡ ᠨᠢ ᠲᠤᠺᠢᠰᠤᠮᠠ ᠪ∙ᠠᠩᠬᠠᠪᠠᠶᠠᠷ ᠶᠤᠮ᠃ ᠡᠳᠦᠭᠡ 25 ᠨᠠᠰᠤ ᠲᠠᠢ ᠲᠡᠷᠡᠪᠡᠷ 2017 ᠣᠨ ᠤ ᠶᠢᠰᠦᠳᠦᠭᠡᠷ ᠰᠠᠷ᠎ᠠ ᠠᠴᠠ ᠮᠡᠷᠭᠡᠵᠢᠯ ᠦᠨ ᠰᠦᠮᠣ᠋ ᠳᠤ ᠪᠠᠷᠢᠯᠳᠤᠵᠤ ᠡᠬᠢᠯᠡᠭᠰᠡᠨ ᠪᠥᠭᠡᠳ ᠮᠠᠺᠤᠰᠢᠲ᠋ᠠ ᠶᠢᠨ ᠪᠠᠷᠠᠭᠤᠨ ᠤ ᠬᠤᠷᠢ ᠶᠢᠰᠦᠳᠦᠭᠡᠷ ᠲᠦ ᠡᠷᠡᠮᠪᠡᠯᠡᠭᠳᠡᠭᠰᠡᠨ ᠨᠢ ᠲᠡᠭᠦᠨ ᠦ ᠳᠡᠭᠡᠳᠦ ᠠᠮᠵᠢᠯᠲᠠ ᠶᠤᠮ᠃ ᠬᠡᠳᠦᠬᠡᠨ ᠬᠣᠨᠣᠭ ᠤᠨ ᠡᠮᠦᠨ᠎ᠡ ᠥᠨᠳᠥᠷᠯᠡᠭᠰᠡᠨ ᠨᠠᠭᠤᠶᠠ ᠪᠠᠱᠶᠤ᠋ ᠶᠢ ᠲᠠᠪᠤᠨ ᠳᠠᠪᠠᠭ᠎ᠠ ᠲᠠᠢ ᠳᠠᠭᠤᠰᠬᠠᠵᠤ᠂ ᠺᠠᠴᠢᠭᠤᠰᠢ ᠬᠢᠭᠰᠡᠨ ᠴᠤ ᠵᠣᠳᠣᠭ ᠲᠠᠶᠢᠯᠬᠤ ᠰᠢᠢᠳᠪᠦᠷᠢ ᠪᠡᠨ ᠭᠠᠷᠭᠠᠭᠰᠠᠨ ᠪᠠᠢᠨ᠎ᠠ᠃