ᠣᠯᠠᠨ ᠤᠯᠤᠰ ᠤᠨ ᠵᠠᠯᠠᠭᠤ ᠷᠣᠪᠣᠲᠴᠢᠳ ᠤᠨ ᠲᠡᠮᠡᠴᠡᠭᠡᠨ ᠰᠣᠯᠣᠩᠭᠣᠰ ᠤᠨ ᠲᠧᠵᠤᠨ ᠬᠤᠲᠠ ᠳᠤ ᠢᠷᠡᠬᠦ ᠰᠠᠷ᠎ᠠ ᠶᠢᠨ ᠨᠢᠭᠡᠨ ᠳᠦ ᠡᠬᠢᠯᠡᠨ᠎ᠡ᠃ ᠭᠤᠷᠪᠠᠨ ᠡᠳᠦᠷ ᠦᠷᠭᠦᠯᠵᠢᠯᠡᠬᠦ ᠲᠤᠰ ᠲᠡᠮᠡᠴᠡᠭᠡᠨ ᠢ 6-17 ᠨᠠᠰᠤᠨ ᠤ ᠥᠰᠪᠦᠷᠢ ᠶᠢᠨ ᠬᠢᠨ ᠦ ᠳᠤᠮᠳᠠ ᠵᠣᠬᠢᠶᠠᠨ ᠪᠠᠶᠢᠭᠤᠯᠳᠠᠭ ᠃ 11 ᠳ᠋ᠡᠬᠢ ᠤᠳᠠᠭ᠎ᠠ ᠶᠢᠨ ᠲᠡᠮᠡᠴᠡᠭᠡᠨ ᠳᠦ ᠳᠡᠯᠡᠬᠡᠢ ᠶᠢᠨ 30 ᠣᠷᠣᠨ ᠤ 2000 ᠭᠠᠷᠤᠢ ᠬᠡᠦᠬᠡᠳ ᠣᠷᠣᠯᠴᠠᠬᠤ ᠪᠠᠷ ᠪᠦᠷᠢᠳᠬᠡᠭᠦᠯᠵᠡᠢ᠃ ᠮᠠᠨ ᠤ ᠤᠯᠤᠰ ᠠᠴᠠ 10 ᠰᠤᠷᠤᠭᠴᠢ ᠲᠠᠢ ᠪᠠᠭ《Creative Design》 ᠲᠥᠷᠥᠯ ᠳᠦ ᠥᠷᠢᠰᠦᠯᠳᠦᠬᠦ ᠪᠡᠷ ᠡᠬᠡ ᠣᠷᠣᠨ ᠠᠴᠠ ᠪᠠᠨ ᠮᠣᠷᠳᠠᠯ᠎ᠠ᠃
ᠭᠠᠭᠴᠠᠭᠠᠷᠴᠢᠯᠠᠭᠰᠠᠨ ᠲᠡᠮᠡᠴᠡᠭᠡᠨ ᠳᠦ ᠲ ∙ ᠴᠤᠭᠲᠤᠸ᠋ᠴᠢᠷ᠂ ᠮ ∙ ᠭᠡᠷᠡᠯᠲᠦᠳᠠᠯᠠᠢ ᠨᠠᠷ ᠳᠠᠭᠠᠬᠤ ᠺᠣᠳ᠋ ᠤᠨ ᠠᠩᠭᠢᠯᠠᠯ ᠳᠤ᠂ ᠲ∙ ᠭᠠᠷᠤᠳᠢ᠂ ᠲ∙ᠠᠨᠠᠨᠳᠠ᠂ ᠮ∙ᠡᠩᠬᠡᠲᠦ᠋ᠰᠢᠭ Robot soccer ᠲᠥᠷᠥᠯ ᠳᠦ᠂ ᠡ᠊∙ᠳᠦᠯᠭᠡᠨ᠂ ᠲ∙ᠠᠨᠠᠨᠳᠠ᠂ ᠰ ∙ ᠦᠨᠢᠪᠤᠯᠤᠳ Galaxy plunder ᠲᠥᠷᠥᠯ ᠳᠦ᠂ ᠨ∙ᠡᠷᠡᠮᠡᠭᠦᠨ᠂ ᠮ∙ᠭᠡᠷᠡᠯᠲᠦᠳᠠᠯᠠᠢ᠂ ᠰ ∙ᠦᠨᠢᠪᠤᠯᠤᠳ ᠂ ᠮ ∙ ᠡᠩᠬᠡᠲᠦ᠋ᠰᠢᠭ Push Push ᠲᠥᠷᠥᠯ ᠳᠦ᠂ ᠮ∙ᠡᠩᠬᠡᠲᠦ᠋ᠰᠢᠭ᠂ ᠲ∙ᠡᠩᠬᠡᠲᠠᠮᠢᠷ᠂ ᠨ∙ᠡᠷᠡᠮᠡᠭᠦᠨ᠂ ᠲ ∙ ᠢᠯᠠᠭᠤᠨ Math challenge ᠲᠥᠷᠥᠯ ᠳᠦ ᠦᠷᠢᠰᠦᠯᠳᠦᠬᠦ ᠶᠤᠮ᠃