ᠭᠠᠯᠳᠠᠨ ᠪᠤᠱᠤᠭᠲᠤ ᠶᠢᠨ ᠮᠡᠨᠳᠦᠯᠡᠭᠰᠡᠨ ᠦ 380 ᠵᠢᠯ ᠦᠨ ᠣᠢ  ᠶᠢ ᠲᠡᠮᠳᠡᠭᠯᠡᠨ᠎ᠡ | News.MN

ᠭᠠᠯᠳᠠᠨ ᠪᠤᠱᠤᠭᠲᠤ ᠶᠢᠨ ᠮᠡᠨᠳᠦᠯᠡᠭᠰᠡᠨ ᠦ 380 ᠵᠢᠯ ᠦᠨ ᠣᠢ  ᠶᠢ ᠲᠡᠮᠳᠡᠭᠯᠡᠨ᠎ᠡ

ᠭᠠᠯᠳᠠᠨ ᠪᠤᠱᠤᠭᠲᠤ ᠬᠠᠭᠠᠨ ᠮᠡᠨᠳᠦᠯᠡᠭᠰᠡᠨ ᠦ 380 ᠵᠢᠯ ᠦᠨ ᠣᠢ ᠳᠤ ᠵᠣᠷᠢᠭᠤᠯᠤᠭᠰᠠᠨ ᠪᠠᠶᠠᠷ ᠤᠨ ᠦᠢᠯᠡ ᠠᠵᠢᠯᠯᠠᠭ᠎ᠠ ᠨᠠᠢ᠌ᠮᠠᠳᠤᠭᠠᠷ ᠰᠠᠷ᠎ᠠ ᠶᠢᠨ 1-4  ᠳᠤ ᠬᠣᠪᠳᠣ ᠠᠶᠢᠮᠠᠭ ᠲᠤ ᠪᠣᠯᠤᠨ᠎ᠠ᠃ ᠡᠨᠡ ᠦᠶ᠎ᠡ ᠪᠡᠷ ᠪᠥᠬᠡ ᠶᠢᠨ ᠪᠠᠷᠢᠯᠳᠤᠭᠠᠨ᠂ ᠬᠤᠷᠳᠤᠨ ᠮᠣᠷᠢᠨ ᠤ ᠤᠷᠤᠯᠳᠤᠭᠠᠨ᠂ ᠱᠠᠭ᠎ᠠ ᠪᠣᠯᠤᠨ ᠰᠤᠷ ᠤᠨ ᠬᠠᠷᠪᠤᠭ᠎ᠠ ᠵᠣᠬᠢᠶᠠᠨ ᠪᠠᠶᠢᠭᠤᠯᠬᠤ ᠪᠠᠷ ᠲᠥᠯᠥᠪᠯᠡᠵᠦ ᠪᠠᠶᠢᠨ᠎ᠠ᠃ ᠮᠥᠨ ᠤᠭᠰᠠᠭᠠᠲᠠᠨ ᠤ ᠣᠨᠴᠠᠯᠢᠭ᠂ ᠥᠪ ᠰᠤᠶᠤᠯ ᠢ ᠰᠤᠷᠲᠠᠯᠴᠢᠯᠠᠬᠤ ᠦᠵᠡᠭᠦᠯᠪᠦᠷᠢ᠂ 《ᠲᠠᠷᠪᠤᠰ》ᠡᠸᠧᠨᠲ᠂ ᠠᠳᠤᠭᠤᠴᠢᠨ ᠲᠡᠮᠡᠴᠡᠭᠡᠨ᠂ ᠦᠵᠡᠰᠬᠦᠯᠡᠩ ᠬᠤᠳᠠᠯᠳᠤᠭ᠎ᠠ᠂ ᠡᠷᠳᠡᠮ ᠰᠢᠨᠵᠢᠯᠡᠭᠡᠨ ᠦ ᠬᠤᠷᠠᠯ ᠵᠡᠷᠭᠡ ᠶᠢ ᠵᠣᠬᠢᠶᠠᠨ ᠪᠠᠶᠢᠭᠤᠯᠤᠨ᠎ᠠ᠃

ᠨᠠᠢ᠌ᠮᠠᠳᠤᠭᠠᠷ ᠰᠠᠷ᠎ᠠ ᠶᠢᠨ ᠨᠢᠭᠡᠨ ᠳᠦ ᠭᠠᠯᠳᠠᠨ ᠪᠤᠱᠤᠭᠲᠤ ᠬᠠᠭᠠᠨ ᠤ ᠣᠩᠭᠣᠨ ᠢ ᠲᠠᠶᠢᠬᠤ ᠶᠣᠰᠣᠯᠠᠯ ᠡᠷᠳᠡᠨᠢᠪᠦ᠋ᠷᠢᠨ ᠰᠤᠮᠤ ᠶᠢᠨ ᠥᠭᠡᠯᠡᠳ ᠦᠨ ᠬᠦᠷᠢᠶ᠎ᠡ ᠭᠠᠨᠳᠠᠩᠫᠦᠨᠴᠣᠭᠯᠢᠨ ᠬᠡᠶᠢᠳ ᠲᠦ᠂《ᠭᠠᠯᠳᠠᠨ ᠪᠤᠱᠤᠭᠲᠤ -380》ᠰᠡᠳᠦᠪᠲᠦ ᠮᠦᠽᠧᠢ ᠶᠢᠨ ᠦᠵᠡᠮᠦᠷᠢ ᠶᠢ ᠥᠪ ᠰᠤᠶᠤᠯ ᠤᠨ ᠬᠦᠷᠢᠶᠡᠯᠡᠩ ᠳᠦ ᠳᠡᠯᠭᠡᠨ᠎ᠡ᠃

 

 

ᠰᠡᠳᠬᠢᠭᠳᠡᠯ ᠦᠯᠡᠳᠡᠭᠡᠬᠦ